ᠤᠷᠠᠯᠢᠭᠴᠢᠨ —  ᠠ᠊ · ᠤᠷᠠᠨᠴᠢᠮᠠᠩ乌珠穆沁旗艺人 阿·乌仁其木格

 

ᠤᠷᠠᠯᠢᠭᠴᠢᠨ — ᠠ᠊ · ᠤᠷᠠᠨᠴᠢᠮᠠᠩ

ᠪᠠᠯᠭᠠᠷᠭᠤᠤᠯ ᠪᠠᠯᠭᠠᠰᠤᠨ ᠤ ᠪᠠᠷᠠᠭᠤᠨ ᠬᠡᠰᠡᠭ ᠢᠶᠠᠷ ᠪᠠᠶᠢᠷᠢᠯᠠᠭ᠎ᠠ ᠴᠠᠪᠠᠷ ᠴᠡᠮᠴᠠᠭᠡᠷ᠂ ᠰᠦᠷᠯᠢᠭ ᠬᠡᠬᠡᠨᠴᠢᠷ ᠨᠢᠭᠡᠨ ᠠᠰᠠᠷ ᠪᠤᠯ ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠳᠠᠮᠢᠷ ᠤᠨ ᠳᠤᠮᠤ ᠠᠰᠠᠷ ᠪᠤᠯᠬᠤ ᠶᠤᠮ᠃ ᠤᠷᠠᠨᠴᠢᠮᠡᠭ ᠡᠨᠡᠬᠦ ᠠᠰᠠᠷ ᠤᠨ ᠨᠠᠢ᠍ᠮᠠᠳᠤᠭᠠᠷ ᠳᠠᠪᠬᠤᠷᠭ᠎ᠠ ᠳᠤᠨᠢ ᠠᠯᠪᠠᠯᠠᠳᠠᠭ᠃ ᠬᠦᠮᠦᠨ ᠤᠷᠠᠯᠢᠭ ᠤᠨ ᠰᠢᠳᠢ ᠶᠢ ᠡᠬᠡ ᠳᠡᠯᠡᠬᠡᠢ ᠠᠴᠠ ᠤᠯᠳᠠᠭ᠃ ᠳᠠᠷᠠ ᠨᠢ ᠮᠠᠰᠢ ᠲᠦᠬᠡᠮᠡᠯ ᠤᠷᠤᠰᠢᠳᠠᠭ ᠪᠦᠬᠡᠳ ᠠᠷᠠᠳ ᠲᠦᠮᠡᠨ ᠳᠡᠬᠦᠨ ᠠᠴᠠ ᠤᠶᠤᠨ ᠤ ᠬᠦᠨᠡᠰᠦ ᠬᠤᠭᠤᠯᠠ᠂ ᠰᠢᠮ᠎ᠡ ᠳᠡᠵᠢᠬᠡᠯ ᠠᠪᠳᠠᠭ ᠠᠵᠢ᠃
  ᠬᠡᠨ ᠬᠦᠮᠦᠨ ᠴᠤ ᠭᠡᠰᠡᠨ ᠠᠪᠢᠶᠠᠰ ᠢᠶᠠᠨ ᠰᠤᠷᠢᠬᠤ᠂ ᠳᠡᠳᠮᠠᠭᠠᠢ ᠪᠤᠯᠬᠤ᠂ ᠮᠠᠷᠬᠡᠰᠢᠬᠦ ᠵᠡᠷᠬᠡ ᠪᠠᠷ ᠵᠢᠩᠬᠢᠨᠢ ᠤᠷᠠᠯᠢᠭᠴᠢᠨ ᠪᠤᠯᠳᠠᠭ ᠬᠡᠰᠡᠨ ᠢ ᠠ᠊ · ᠤᠷᠠᠨᠴᠢᠮᠡᠭ ᠢ ᠰᠤᠷᠪᠤᠯᠵᠢᠯᠠᠵᠦ ᠶᠠᠪᠤᠬᠤ ᠳᠤ ᠤᠯᠠᠮ ᠪᠤᠳᠠᠳᠠᠢ ᠤᠶᠢᠯᠠᠭᠠᠯ᠎ᠠ᠃ ᠠ᠊ · ᠤᠷᠠᠨᠴᠢᠮᠡᠭ ᠬᠠᠷ᠎ᠠ ᠪᠠᠭ᠎ᠠ ᠠᠴᠠ ᠪᠠᠨ ᠤᠷᠠᠯᠢᠭ ᠲᠤ ᠳᠤᠷ᠎ᠠ ᠰᠤᠨᠢᠷᠬᠠᠯ ᠲᠠᠢ ᠪᠠᠶᠢᠵᠦ᠂ ᠡᠨᠡ ᠵᠠᠮ ᠢ ᠰᠤᠩᠭᠤᠵᠦ ᠵᠠᠮᠨᠠᠬᠤ ᠳᠠᠭᠠᠨ ᠵᠦᠳᠡᠷᠡᠵᠦ᠂ ᠭᠠᠴᠢᠭᠳᠠᠵᠦ᠂ ᠮᠤᠨᠤᠭᠰᠡᠨ ᠵᠦᠢᠯ ᠤᠯᠠᠨ ᠭᠡᠳᠡᠭ᠃ ᠬᠡᠪᠡᠴᠦ ᠡᠨᠡ ᠪᠦᠬᠦᠨ ᠨᠢ ᠦᠨᠦᠳᠦᠷ ᠤᠨ ᠠᠮᠵᠢᠯᠳᠠ ᠪᠤᠯᠤᠨ ᠠᠭᠤᠰᠴᠠᠢ᠃
  ᠠ᠊ · ᠤᠷᠠᠨᠴᠢᠮᠡᠭ ᠳᠤᠭᠤᠰᠤ ᠪᠤᠵᠢᠬᠢᠨᠠᠭᠰᠡᠨ ᠢᠪᠴᠤᠤ ᠴᠢᠬᠤᠯ ᠬᠦᠯᠳᠡᠬᠦᠦ ᠦᠷᠦᠬᠡᠨ ᠳᠤ ᠪᠦᠵᠢᠭ ᠪᠤᠯᠪᠠᠰᠤᠷᠠᠵᠦ ᠪᠠᠶᠢᠵᠠᠢ᠃ᠳᠡᠷᠡ ᠲᠦᠬᠦᠷᠡᠳᠡᠯ᠎ᠡ ᠪᠢᠴᠢᠭᠰᠡᠨ ᠳᠠᠰᠬᠠᠯ ᠤᠨ ᠳᠡᠪᠳᠠᠷ ᠤᠨ ᠢᠶᠠᠨ ᠠᠷᠤ ᠶᠢᠨ ᠨᠢᠭᠤᠷ ᠳᠡᠬᠡᠷ᠎ᠡ ᠵᠤᠬᠢᠶᠠᠨ ᠪᠢᠴᠢᠵᠦ ᠪᠠᠶᠢᠵᠠᠢ᠃ ᠳᠡᠷᠡ ᠮᠢᠺᠷᠤᠹᠤᠨ ᠴᠦ ᠦᠬᠡᠢ᠂ ᠬᠡᠷᠡᠯᠳᠦᠬᠦᠯᠬᠡ ᠴᠦ ᠦᠬᠡᠢ ᠳᠠᠶᠢᠰᠠᠨ ᠳᠡᠬᠡᠷ᠎ᠡ ᠳᠤᠭᠯᠠᠯᠳᠠ ᠭᠠᠷᠭᠠᠵᠦ ᠪᠠᠶᠢᠵᠠᠢ᠃ ᠳᠠᠷᠠ ᠭᠠᠨᠭ᠍ᠭᠠᠡᠭ ᠵᠠᠯᠠᠭᠤ ᠳᠠᠭᠠᠨ ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ 《ᠰᠠᠷᠠᠨ᠎ᠡ》 ᠱᠠᠩᠨᠠᠯ ᠢ ᠳᠤᠰᠴᠦ ᠦᠩᠬᠡᠷᠡᠵᠡᠢ᠃ᠳᠡᠬᠦᠨ ᠤ ᠤᠷᠠᠯᠢᠭᠴᠢᠨ ᠪᠤᠯᠤᠭᠰᠡᠨ ᠦᠩᠬᠡᠷᠡᠯᠳᠡ ᠨᠢ ᠦᠨᠡᠬᠡᠷ ᠴᠦ ᠬᠠᠳᠠᠭᠤ ᠴᠢᠩᠭ᠎ᠠ ᠪᠠᠶᠢᠯ᠎ᠠ···
  ᠴᠠᠭ ᠤᠨ ᠠᠯᠲᠠᠨ ᠬᠤᠨᠭ᠍ᠬᠤ ᠨᠢᠭᠡᠨ ᠠᠶᠢᠵᠠᠮ ᠢᠶᠠᠷ ᠵᠢᠩᠭᠢᠨᠡᠵᠣ᠂ ᠣᠨ ᠵᠢᠯ ᠵᠢᠮ᠎ᠡ ᠭᠤᠷᠢᠮ ᠢᠶᠠᠷ ᠢᠶᠠᠨ ᠣᠷᠣᠰᠴᠣ ᠬᠤᠯᠠᠲᠣᠨ᠎ᠡ ᠃ ᠰᠢᠨ᠎ᠡ ᠣᠷᠣᠨ ᠵᠠᠢ ᠳᠤ ᠲᠦᠯᠭᠢᠵᠣ ᠪᠣᠯᠣᠰᠢ ᠦᠭᠡᠢ ᠬᠦᠨᠲᠣ ᠱᠠᠭᠠᠷᠲᠠᠯᠭ᠎ᠠ ᠮᠠᠨ ᠳᠤ ᠢᠷᠡᠨ᠎ᠡ᠃ ᠢᠡᠭᠭᠢᠵᠣ ᠯᠡ ᠰᠠᠨᠠᠭᠤᠯᠬᠤ ᠶᠢᠨ ᠣᠴᠢᠷ ᠣᠷᠠᠨᠴᠢᠮᠡᠭ ᠳᠡᠭᠡᠨ ᠢᠷᠠᠭᠤ ᠰᠠᠶᠢᠬᠠᠨ ᠦᠨ᠎ᠡ ᠴᠠᠨ᠎ᠠ ᠪᠦᠬᠦᠢ ᠪᠦᠲᠣᠭᠡᠯ ᠢᠯᠡᠬᠦᠭᠡᠨ ᠲᠣᠭᠤᠷᠪᠢᠬᠤ ᠶᠢᠨ ᠵᠦᠡᠭᠨᠡᠯ ᠲᠡᠪᠰᠢᠬᠦᠯᠣᠶ᠎ᠡ᠃
  ᠢᠷᠡᠯᠲᠡ᠄ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ

 
 
 
Posted in ᠵᠤᠴᠢᠨ ᠬᠤᠢ᠌ᠮᠤᠷ| 每日嘉宾 and tagged .