《ᠨᠤᠮ ᠤᠨᠭᠰᠢᠬᠤ ᠠᠴᠠ ᠪᠢᠳᠡ ᠢᠵᠢᠯᠬᠡᠨ ᠶᠡᠭᠤ ᠶᠢ ᠬᠦᠷᠳᠡᠵᠦ ᠳᠡᠢᠯᠦᠬᠦ ᠪᠤᠢ︖ᠨᠡᠯᠦᠬᠡᠷ ᠶᠡᠬᠡ ᠨᠤᠮ ᠤᠨ ᠳᠠᠯᠠᠢ ᠳᠤ ᠴᠤᠴᠠᠯᠲᠠ ᠦᠬᠡᠢ ᠤᠮᠪᠠᠳᠠᠭ ᠯᠡ ᠪᠤᠯ ᠬᠡᠨ ᠬᠦᠮᠦᠨ ᠴᠦ ᠬᠠᠮᠢᠭ᠎ᠠ ᠦᠬᠡᠢ᠂ᠡᠷᠳᠡᠮ ᠮᠡᠳᠡᠯᠬᠡ ᠪᠡᠷ ᠪᠡᠶ᠎ᠡ ᠪᠡᠨ ᠴᠢᠮᠡᠬᠦ ᠨᠢ ᠯᠠᠪᠲᠠᠢ》ᠬᠡᠵᠦ ᠶᠠᠷᠢᠭᠰᠠᠨ ᠳᠦᠪ ᠲᠧᠯᠸᠢᠰ ᠬᠤᠷᠢᠶᠠᠨ ᠤ ᠬᠦᠳᠦᠯᠦᠭᠴᠢ ᠺᠠᠩ ᠾᠦᠢ ᠶᠢᠨ ᠶᠠᠷᠢᠶ᠎ᠠ ᠨᠤᠮ ᠤᠨ ᠳᠤᠬᠠᠢ ᠶᠠᠷᠢᠯᠴᠠᠭᠠᠨ ᠤ ᠰᠠᠯᠬᠢ ᠶᠢ ᠬᠠᠭᠠᠯᠤᠯ᠎ᠠ ᠃
5ᠰᠠᠷ᠎ᠠ ᠶᠢᠨ 31 ᠦᠳᠡ ᠶᠢᠨ ᠬᠣᠢᠨ᠎ᠠ ᠳᠦᠪ ᠲᠧᠯᠸᠢᠰ ᠬᠤᠷᠢᠶᠠᠨ ᠤ ᠯᠢ ᠰᠢᠦ ᠫᠢᠩ᠂ᠨᠠᠰᠤᠨ᠂ᠺᠠᠩ ᠾᠦᠢ᠂ᠾᠧ ᠶᠠᠨ ᠂ᠺᠧ᠂ ᠮᠢᠶᠤᠤ ᠺᠠᠢ ᠵᠡᠷᠬᠡ ᠨᠡᠷᠡᠳᠦ ᠬᠦᠳᠦᠯᠦᠭᠴᠢ ᠦᠪᠦᠷ ᠮᠤᠨᠭᠭᠤᠯ ᠤᠨ ᠪᠠᠭᠰᠢ ᠶᠢᠨ ᠶᠡᠬᠡ ᠰᠤᠷᠭᠠᠭᠤᠯᠢ ᠳᠤ ᠢᠷᠡᠵᠦ᠂ᠦᠪᠦᠷ ᠮᠤᠨᠭᠭᠤᠯ ᠤᠨ《 ᠪᠦᠬᠦ ᠠᠷᠠᠳ ᠢᠶᠠᠷ ᠢᠶᠠᠨ ᠨᠤᠮ ᠤᠨᠭᠰᠢᠬᠤ》ᠨᠡᠢᠬᠡᠮ ᠦᠨ ᠠᠵᠢᠯᠯᠠᠭ᠎ᠠ ᠳᠤ ᠤᠷᠤᠯᠴᠠᠵᠠᠢ᠃
ᠨᠡᠷᠡᠳᠦ ᠬᠦᠳᠦᠯᠦᠭᠴᠢᠳ ᠠᠬᠤᠢ ᠲᠠᠯᠠᠪᠠᠢ ᠶᠢᠨ ᠮᠢᠨᠭᠭᠠᠳ ᠤᠶᠤᠳᠠᠳ ᠲᠠᠢ ᠨᠤᠮ ᠤᠨᠭᠰᠢᠬᠤ ᠳᠤᠬᠠᠢ ᠰᠠᠨᠠᠭ᠎ᠠ ᠪᠤᠳᠤᠯ ᠢᠶᠠᠨ ᠰᠤᠯᠢᠯᠴᠠᠬᠤ ᠶᠢᠨ ᠳᠠᠭᠤ ᠦᠪᠡᠷᠰᠡᠳ ᠦᠨ ᠢᠶᠡᠨ ᠨᠤᠮ ᠤᠨᠭᠰᠢᠭᠰᠠᠨ ᠦᠨᠭᠬᠡᠷᠡᠯᠲᠡ᠂ᠳᠦᠷᠦᠭᠳᠡᠯ ᠢᠶᠡᠨ ᠬᠤᠪᠢᠶᠠᠯᠴᠠᠬᠤ ᠪᠠᠷ ᠳᠠᠮᠵᠢᠨ ᠪᠦᠬᠦ ᠠᠷᠠᠳ ᠢᠶᠠᠷ ᠢᠶᠠᠨ ᠨᠤᠮ ᠤᠨᠭᠰᠢᠬᠤ ᠳᠠᠳᠬᠠᠯ ᠲᠠᠢ ᠪᠤᠯᠬᠤ ᠶᠢᠨ ᠬᠦᠰᠡᠯ᠎ᠡ᠃