ᠬᠦᠳᠡᠭᠡ ᠠᠢᠯ ᠤᠨ ᠶᠠᠭᠠᠷᠠᠯᠲᠠᠢ ᠨᠢᠭᠡᠨ ᠡᠳᠦᠷ 春季牧户忙碌的一天

 
 
 

ᠬᠦᠳᠡᠭᠡ ᠠᠢᠯ ᠤᠨ ᠶᠠᠭᠠᠷᠠᠯᠲᠠᠢ ᠨᠢᠭᠡᠨ ᠡᠳᠦᠷ

ᠨᠠᠷᠠ ᠲᠠᠯᠪᠢᠭᠲᠠᠵᠤ᠂ ᠤᠷᠢᠨ ᠲᠤᠯᠠᠭᠠᠨ ᠬᠤᠢᠮᠤᠷ ᠰᠠᠭᠠᠲᠠᠬᠤ ᠵᠢᠡᠷ ᠬᠦᠲᠡᠭᠡ ᠨᠤᠲᠤᠭ ᠲᠣ ᠬᠦᠯ ᠦᠭᠡᠢ ᠠᠵᠢᠯ ᠦᠷᠬᠦᠯᠵᠢᠯᠡᠨ᠂ ᠮᠠᠯᠴᠢᠳ ᠮᠠᠨᠢ ᠲᠦᠯ ᠮᠠᠯ᠂ ᠨᠤᠤᠰᠤ ᠨᠤᠯᠤᠤᠷ ᠭᠡᠳ ᠯᠠ ᠦᠷᠯᠦᠭᠡ ᠵᠢᠨ ᠨᠠᠷᠠᠨ ᠡᠴᠠ ᠡᠷᠲᠡᠯᠡᠨ ᠪᠤᠰᠴᠤ ᠡᠲᠦᠷ ᠦᠨ ᠠᠵᠢᠯ ᠵᠢᠡᠨ ᠡᠬᠢᠯᠡᠬᠦᠯᠲᠡᠭ ᠰᠠᠨ᠃

  ᠲᠠᠪᠠᠭ ᠨᠢ ᠲᠠᠩᠴᠤ ᠵᠦᠭᠡᠯᠡᠬᠡᠨ ᠭᠤᠪᠢ ᠶᠢᠨ ᠰᠠᠯᠬᠢᠨ ᠳ᠋ᠥ ᠦᠯᠢᠶᠡᠭᠲᠡᠵᠦ᠂ ᠲᠤᠮᠤᠭ  ᠨᠢ ᠲᠠᠩᠴᠤ ᠤᠯᠠᠨ ᠤᠬᠠᠭᠠᠨᠳᠦ ᠪᠤᠭᠤᠷᠤᠯ ᠤᠨ ᠰᠤᠷᠭᠠᠯ ᠳ᠋ᠥ ᠪᠦᠪᠡᠢᠯᠡᠭᠲᠡᠨ ᠭᠤᠴᠢᠨ ᠵᠢᠷᠭᠤᠭᠠᠨ ᠬᠠᠪᠤᠷ ᠨᠠᠮᠤᠷ ᠢ ᠡᠯᠡᠭᠡᠵᠦ ᠶᠠᠪᠤᠭ᠎ᠠ ᠮᠠᠯᠴᠢᠨ ᠵᠠᠯᠠᠭᠤ ᠪᠦᠷᠢᠨᠪᠠᠲᠠᠷᠠᠬᠤ ᠭᠡᠭᠴᠢ ᠤᠷᠠᠳ ᠤᠨ ᠲᠤᠮᠲᠠᠲᠤ ᠬᠤᠰᠢᠭᠤᠨ ᠤ ᠭᠠᠭᠴᠠᠮᠤᠲᠤ ᠪᠠᠯᠭᠠᠰᠤ ᠵᠢᠨ ᠲᠦᠬᠦᠷᠢᠭ ᠭᠠᠴᠠᠭᠠᠨ  ᠤ ᠤᠤᠭᠠᠯ᠃ ᠭᠠᠯ ᠵᠠᠯᠠᠭᠤ ᠭᠠᠩᠭᠠᠩ ᠨᠠᠰᠤᠨ ᠳ᠋ᠥ ᠪᠡᠨ ᠬᠤᠶᠠᠷ ᠵᠢᠯ ᠴᠡᠷᠢᠭ ᠦᠨ ᠠᠯᠪᠠ ᠬᠠᠭᠠᠵᠤ ᠪᠠᠢᠭᠰᠠᠨ ᠡᠴᠠ ᠲᠡᠷᠡ ᠮᠠᠨᠢ ᠬᠦᠴᠢᠷ ᠡᠴᠠ ᠵᠢᠷᠤᠭᠡᠰᠢᠶᠡᠬᠦ ᠦᠭᠡᠢ ᠡᠷᠡᠰ ᠬᠠᠲᠠᠨ ᠵᠤᠷᠢᠭ ᠲᠠᠢ᠂ ᠠᠵᠢᠯ ᠬᠦᠲᠡᠯᠮᠦᠷᠢ ᠳ᠋ᠥ ᠡᠪᠲᠡᠢ ᠲᠡᠮᠲᠡᠢ ᠪᠤᠯᠵᠤ ᠲᠠᠪᠲᠠᠭᠲᠠᠭᠰᠠᠨ ᠶᠤᠮ᠃

  ᠭᠤᠪᠢ ᠨᠤᠲᠤᠭ ᠲᠣ ᠤᠷᠴᠢᠮ ᠤᠨ ᠵᠢᠯ ᠤᠳ ᠡᠴᠠ ᠬᠤᠨᠢ ᠬᠤᠷᠠᠭ᠎ᠠ ᠬᠠᠢᠴᠢᠯᠬᠤ ᠠᠵᠢᠯ ᠬᠠᠪᠤᠷ  ᠤᠨ ᠰᠡᠬᠦᠯᠴᠢ ᠰᠠᠷ᠎ᠠ ᠡᠴᠠ ᠡᠬᠢᠯᠡᠵᠦ᠂ ᠵᠤᠨ ᠤ ᠡᠬᠢᠨ ᠰᠠᠷ᠎ᠠ ᠪᠤᠯᠬᠤ ᠳ᠋ᠥ ᠪᠠᠷᠤᠭ ᠰᠢᠪᠲᠤᠷᠭᠠᠨ ᠳ᠋ᠥ ᠪᠡᠨ ᠤᠷᠤᠭᠰᠠᠨ ᠪᠠᠢᠲᠠᠭ᠃ 2016  ᠤᠨ ᠤ ᠵᠤᠨ ᠤ ᠡᠬᠢᠨ ᠰᠠᠷ᠎ᠠ ᠵᠢᠨ 8 ᠤ ᠡᠲᠦᠷ ᠂ ᠠᠯᠲᠠᠨ ᠨᠠᠷᠠᠨ ᠬᠡᠢᠵᠤ ᠂ ᠠᠯᠠᠭ ᠱᠠᠭᠠᠵᠠᠭᠠᠢ ᠱᠠᠭᠰᠢᠬᠤ ᠳ᠋ᠥ ᠮᠠᠯᠴᠢᠨ ᠪᠦᠷᠢᠨᠪᠠᠲᠠᠷᠠᠬᠤ ᠠᠯᠢ ᠭᠡᠲᠦᠢᠨᠠᠢ ᠬᠤᠷᠤᠭ᠎ᠠ ᠬᠠᠰᠢᠶᠠᠨ ᠳ᠋ᠥ ᠪᠡᠨ ᠶᠠᠭᠠᠷᠠᠵᠤ᠂ ᠬᠤᠷᠠᠭ᠎ᠠ ᠪᠠᠨ ᠬᠠᠢᠴᠢᠯᠠᠵᠤ ᠡᠬᠢᠯᠡᠭᠰᠡᠨ ᠪᠠᠢᠯ᠎ᠠ᠃ ᠬᠤᠷᠤᠭ᠎ᠠ ᠰᠠᠷᠠᠪᠴᠢ ᠨᠢ ᠲᠤᠩ ᠴᠡᠪᠡᠷᠭᠡᠨ ᠪᠠᠢᠵᠤ᠂ ᠠᠵᠢᠯᠴᠢ ᠬᠦᠲᠡᠯᠮᠦᠷᠢᠴᠢ ᠠᠢᠯ ᠭᠡᠲᠡᠭ ᠨᠢ ᠢᠯᠡᠭᠡᠨ ᠲᠤᠲᠤᠬᠠᠨ ᠬᠠᠷᠠᠭᠲᠠᠨ᠎ᠠ᠃

   ᠡᠳᠡᠨᠡᠢᠬᠢᠨ ᠦ ᠰᠠᠭᠤᠷᠢᠰᠢᠵᠤ ᠪᠠᠢᠭ᠎ᠠ ᠡᠭᠡᠪᠦᠷ ᠲᠤᠯᠠᠭᠠᠨ ᠨᠤᠲᠤᠭ ᠢ《ᠮᠠᠭᠤ ᠦᠷᠲᠡᠩ 》 ᠭᠡᠲᠡᠭ᠂ ᠭᠡᠲᠦᠨ ᠦᠶ᠎ᠡ ᠪᠡᠷ ᠨᠤᠲᠤᠭᠰᠢᠵᠤ ᠢᠷᠡᠭᠰᠡᠨ ᠭᠠᠵᠠᠷ ᠶᠤᠮ ᠭᠡᠨ᠎ᠡ᠃ ᠮᠠᠯ ᠨᠤᠲᠤᠭ ᠭᠡᠬᠦ ᠡᠴᠠ ᠪᠦᠷᠢᠨᠪᠠᠲᠠᠷᠠᠬᠤ ᠵᠢᠨ ᠴᠢᠷᠠᠢ ᠳ᠋ᠥ ᠢᠨᠢᠶᠡᠮᠰᠦᠭᠯᠡᠯ ᠲᠤᠲᠤᠷᠠᠨ   ——ᠡᠨᠡ ᠨᠤᠲᠤᠭ ᠴᠢᠨᠢ ᠶᠤᠰᠤᠲᠠᠢ ᠮᠠᠯ ᠳ᠋ᠥ ᠡᠭᠡᠯᠢᠲᠡᠢ ᠪᠤᠶᠠᠨᠲᠤ ᠨᠤᠲᠤᠭ ᠳ᠋ᠠ᠂ ᠤᠤᠯ ᠨᠢ ᠨᠠᠮ᠎ᠠ ᠵᠢ ᠪᠠᠭ᠎ᠠ ᠪᠠᠢᠬᠤ ᠳ᠋ᠥ ᠮᠡᠨᠡᠢᠬᠢᠨ ᠵᠠᠭᠤᠭᠠᠳ ᠲᠡᠮᠡᠭᠡ᠂ ᠲᠤᠯᠤᠭ᠎ᠠ ᠨᠠᠢᠮᠠᠨ ᠵᠠᠭᠤᠨ ᠪᠤᠭ ᠮᠠᠯ ᠲᠠᠢ ᠪᠠᠢᠭᠰᠠᠨ ᠂ ᠤᠲᠤ ᠨᠤᠲᠤᠭ ᠪᠡᠯᠴᠢᠭᠡᠷ ᠢ ᠰᠡᠷᠭᠦᠭᠡᠵᠦ ᠠᠮᠢ ᠠᠬᠤᠢ ᠵᠢ ᠬᠠᠮᠠᠭᠠᠯᠠᠬᠤ ᠲᠦᠷᠦ ᠵᠢᠨ ᠪᠤᠲᠤᠯᠭ᠎ᠠ ᠪᠠᠷ ᠮᠠᠯ ᠤᠨ ᠲᠤᠭ᠎ᠠ ᠵᠢ ᠬᠢᠵᠠᠭᠠᠷᠯᠠᠭᠰᠠᠨ ᠡᠴᠠ ᠳᠦᠮᠡ ᠲᠠᠪᠤᠨ ᠮᠢᠩᠭᠠᠨ ᠮᠤ ᠪᠡᠯᠴᠢᠭᠡᠷ ᠲᠡᠭᠡᠨ ᠭᠤᠷᠪᠠᠨ ᠵᠠᠭᠤ ᠭᠠᠷᠤᠢ ᠪᠤᠭ ᠮᠠᠯ᠂ ᠲᠠᠯᠠᠭᠠᠳ ᠲᠡᠮᠡᠭᠡ ᠲᠡᠢ ᠯᠠ ᠰᠠᠭᠤᠵᠤ ᠪᠠᠢᠨ᠎ᠠ ᠭᠡᠮᠡᠨ ᠰᠡᠳᠬᠢᠯ ᠠᠯᠭᠠᠰᠠᠨ ᠲᠤᠭᠠᠴᠠᠵᠤ ᠪᠠᠢᠯ᠎ᠠ᠃

ᠶᠠᠭᠠᠷᠠᠵᠤ ᠪᠦᠯᠡᠲᠡᠵᠦ ᠪᠠᠢᠭ᠎ᠠ ᠬᠦᠮᠦᠨ ᠦ ᠠᠵᠢᠯ ᠢ ᠰᠠᠭᠠᠲᠠᠭᠠᠬᠤ ᠡᠴᠠ ᠡᠮᠢᠶᠡᠨ ᠬᠤᠨᠢ ᠬᠤᠷᠠᠭ᠎ᠠ ᠬᠠᠢᠴᠢᠯᠠᠬᠤ ᠲᠤᠬᠠᠢ ᠲᠦᠬᠦᠮᠭᠡᠨ ᠵᠤᠭᠤᠭ ᠲᠡᠯᠭᠡᠯ᠎ᠡ᠃ ᠡᠳᠡᠨᠡᠢᠬᠢᠨ ᠦ ᠠᠭᠤᠯᠠᠨ ᠳ᠋ᠥ ᠰᠠᠭᠤᠵᠤ ᠪᠠᠢᠭ᠎ᠠ ᠪᠤᠯᠬᠤᠷ ᠦᠩᠭᠡᠷᠡᠬᠦ ᠡᠪᠦᠯ ᠦᠨ ᠴᠠᠰᠤᠨ ᠤ ᠴᠢᠬᠢᠭ ᠭᠤᠤ ᠵᠢᠯᠭ᠎ᠠ ᠪᠠᠷ ᠰᠠᠢᠨ ᠦᠯᠡᠲᠡᠵᠦ᠂ ᠵᠢᠯ ᠪᠦᠷᠢ ᠵᠢᠨ ᠬᠠᠪᠤᠷ ᠤᠨ ᠤᠭᠲᠤᠮᠵᠢ ᠠᠷᠠᠢ ᠡᠷᠲᠡ ᠢᠷᠡᠲᠡᠭ ᠪᠤᠯᠬᠤᠷ ᠬᠠᠷᠢᠴᠠᠩᠭᠤᠢ ᠪᠠᠷ ᠬᠤᠨᠢ ᠨᠤᠤᠰᠤᠯᠠᠬᠤ ᠠᠵᠢᠯ ᠴᠤ ᠪᠠᠰᠠ ᠡᠷᠲᠡ ᠪᠤᠯᠲᠠᠭ ᠶᠤᠮ ᠪᠠᠢᠨ᠎ᠠ᠂ ᠮᠦᠨ  ᠴᠦ ᠡᠪᠦᠯᠵᠢᠶ᠎ᠡ ᠰᠠᠭᠤᠷᠢᠨ ᠲᠤᠬᠢᠯᠢᠭ ᠲᠤᠯᠠᠭᠠᠨ ᠪᠤᠯᠬᠤᠷ ᠲᠡᠩᠲᠡ ᠪᠦᠷ ᠡᠪᠦᠯ ᠦᠨ ᠲᠦᠯ ᠲᠤᠰᠴᠤ᠂ ᠬᠠᠪᠤᠷ ᠤᠨ ᠰᠡᠬᠦᠯᠴᠢ ᠰᠠᠷ᠎ᠠ ᠪᠤᠯᠪᠠᠯ ᠬᠤᠷᠠᠭ᠎ᠠ ᠢᠰᠢᠭᠡ ᠪᠡᠨ ᠬᠠᠢᠴᠢᠯᠠᠲᠠᠭ ᠶᠤᠮ ᠪᠠᠢᠨ᠎ᠠ᠃

—— ᠲᠦᠯ ᠮᠠᠯ ᠢ ᠡᠷᠲᠡ ᠨᠤᠤᠰᠤ ᠨᠤᠯᠤᠤᠷ ᠡᠴᠠ ᠪᠡᠨ ᠰᠠᠯᠭᠠᠬᠤ ᠨᠢ ᠭᠤᠤᠵᠢᠬᠤ ᠳ᠋ᠤᠨᠢ ᠲᠡᠮ ᠪᠤᠯᠵᠤ᠂ ᠬᠠᠴᠢᠭ ᠰᠢᠪᠠᠵᠢ ᠪᠠᠷᠢᠬᠤ ᠡᠴᠠ ᠰᠡᠷᠭᠡᠢᠯᠡᠨ ᠂ ᠲᠦᠯ ᠮᠠᠯ ᠡᠷᠲᠡ ᠴᠠᠢᠷᠠᠲᠠᠭ ᠶᠤᠮ ᠭᠡᠵᠤ ᠮᠠᠯᠴᠢᠨ ᠪᠦᠷᠢᠨᠪᠠᠲᠠᠷᠠᠬᠤ ᠬᠤᠨᠢᠴᠢᠯᠠᠵᠤ ᠬᠦᠯᠦᠭᠰᠡᠨ ᠬᠤᠷᠠᠭᠠᠨ   ᠦ  ᠪᠠᠨ ᠬᠠᠵᠠᠭᠤ ᠳ᠋ᠥ ᠴᠤᠮᠴᠤᠢᠨ ᠰᠠᠭᠤᠵᠤ᠂ ᠬᠠᠢᠴᠢ ᠵᠢᠷᠬᠢᠬᠦᠯᠬᠦ ᠵᠢᠨ ᠲᠠᠭᠠᠤ ᠶᠠᠷᠢᠵᠦ ᠪᠠᠢᠯ᠎ᠠ᠃

ᠬᠤᠲᠤᠭᠤᠷ ᠵᠢᠡᠷ ᠲᠦᠬᠦᠷᠡᠩ ᠬᠤᠨᠢ ᠢᠮᠠᠭ᠎ᠠ᠂ ᠬᠤᠩᠭᠤᠷ ᠲᠦᠬᠦᠷᠡᠩ ᠠᠲᠤᠭᠤ ᠦᠭᠡᠷ ᠲᠡᠢ ᠭᠡᠮᠡᠬᠦ ᠨᠡᠬᠦᠲᠡᠯ ᠰᠤᠶᠤᠯ  ᠤᠨ ᠵᠢᠷᠤᠭᠯᠠᠯ ᠭᠤᠪᠢ ᠨᠤᠲᠤᠭ᠂ ᠲᠡᠷᠡᠴᠢᠯᠡᠨ ᠤᠷᠠᠳ ᠨᠤᠲᠤᠭ ᠲᠣ ᠲᠤᠷᠠᠳᠬᠠᠯ ᠪᠤᠯᠵᠤ ᠦᠯᠡᠲᠡᠵᠠᠢ᠃ ᠲᠡᠭᠰᠢ ᠲᠦᠷᠪᠡᠨ ᠤᠯᠠᠷᠢᠯ ᠲᠡᠩᠴᠡᠬᠦᠷᠢ ᠪᠡᠨ ᠠᠯᠲᠠᠭᠰᠠᠨ ᠤ ᠬᠢ  ᠤᠤ᠂ ᠬᠤᠷᠤᠭ᠎ᠠ ᠬᠠᠰᠢᠶ᠎ᠠ ᠰᠠᠢᠨ ᠪᠤᠯᠤᠭᠰᠠᠨ ᠤ ᠬᠢ ᠶᠤᠮ   ᠤᠤ ᠪᠤᠤ ᠮᠠᠲᠡ ᠂ ᠬᠠᠪᠤᠷ ᠬᠤᠨᠢ ᠬᠤᠷᠠᠭ᠎ᠠ ᠪᠠᠨ ᠬᠠᠢᠴᠢᠯᠠᠵᠤ᠂ ᠨᠠᠮᠤᠷ ᠬᠤᠨᠢ ᠬᠢᠷᠠᠭᠠᠲᠠᠭ ᠪᠠᠢᠭᠰᠠᠨ ᠪᠤᠯ ᠤᠲᠤ ᠡᠨᠡ ᠨᠤᠲᠤᠭ ᠲᠣ ᠨᠠᠮᠤᠷ ᠤᠨ ᠤᠯᠠᠷᠢᠯ ᠳ᠋ᠥ ᠬᠤᠨᠢ ᠬᠢᠷᠠᠭᠠᠬᠤ ᠬᠤᠪᠤᠷᠲᠠᠵᠠᠢ᠃

  —— ᠤᠤᠯ ᠨᠢ ᠲᠦᠯ ᠮᠡᠯ ᠤᠯᠠᠨ ᠦᠶ᠎ᠡ ᠳ᠋ᠥ ᠪᠦᠷ ᠠᠢᠯ ᠠᠢᠮᠠᠭ ᠵᠢᠡᠨ ᠴᠤᠭᠯᠠᠭᠤᠯᠤᠨ ᠬᠠᠪᠰᠤᠷᠴᠤ ᠲᠡᠮᠨᠡᠬᠦᠯᠵᠦ ᠬᠠᠢᠴᠢᠯᠠᠲᠠᠭ ᠪᠠᠢᠵᠠᠢ᠂ ᠤᠲᠤ ᠮᠠᠯ ᠴᠦᠭᠡᠷᠡᠭᠰᠡᠨ ᠡᠴᠠ ᠦᠪᠡᠷ ᠵᠢᠡᠨ ᠦᠷᠯᠦᠭᠡ ᠤᠷᠤᠢ ᠵᠢᠨ ᠴᠠᠭ ᠵᠢᠡᠷ ᠲᠦᠬᠦᠬᠦᠯᠵᠦ ᠪᠠᠢᠲᠠᠯ᠎ᠠ ᠪᠠᠷᠠᠭᠠᠴᠢᠬᠠᠨ᠎ᠠ ᠂ ᠬᠤᠨᠢ ᠭᠡᠲᠡᠭ ᠴᠢᠨᠢ ᠬᠠᠢᠴᠢ ᠵᠢᠨ ᠲᠠᠭᠤ ᠪᠠᠷ ᠲᠠᠷᠭᠤ ᠠᠪᠴᠤ ᠂ ᠬᠢᠲᠤᠭᠠᠨ ᠢᠷ ᠵᠢᠡᠷ ᠲᠤᠭ᠎ᠠ ᠦᠰᠲᠡᠭ ᠶᠤᠮ ᠭᠡᠵᠤ ᠶᠡᠭᠡ ᠯᠠ ᠬᠠᠰᠢᠷᠯᠡᠵᠦ ᠶᠠᠷᠢᠯ᠎ᠠ᠃

   ᠬᠦᠲᠡᠭᠡ ᠵᠢᠨ ᠬᠦᠮᠦᠰ ᠠᠲᠠᠯ ᠠᠮᠢᠲᠤᠷᠠᠯ ᠵᠢᠡᠨ ᠤᠯᠠᠷᠢᠯ ᠤᠯᠠᠷᠢᠯ ᠵᠢᠡᠷ ᠡᠢᠨᠬᠦ ᠲᠠᠪᠲᠠᠭᠤᠯᠵᠤ ᠂ ᠤᠷᠢᠳᠦ ᠶᠢᠨ ᠦᠨᠡᠨ ᠤᠴᠢᠷ ᠢ ᠤᠷᠠᠨ ᠬᠡᠯᠡᠨ ᠦ ᠭᠠᠢᠬᠠᠮᠰᠢᠭ ᠵᠢᠡᠷ ᠵᠢᠨ ᠮᠢᠩᠭ᠎ᠠ ᠮᠢᠩᠭᠠᠨ ᠤ  ᠪᠡᠷ ᠦᠷᠬᠦᠯᠵᠢᠯᠡᠬᠦᠯᠦᠨ ᠂ ᠤᠤᠭᠠᠯ ᠰᠤᠶᠤᠯ ᠵᠢᠡᠨ ᠦᠷ᠎ᠡ ᠠᠴᠢ ᠨᠠᠷ ᠲᠣ ᠪᠠᠨ ᠦᠯᠡᠳᠡᠭᠡᠭᠰᠡᠨ ᠶᠤᠮ᠃ ᠬᠦᠲᠡᠭᠡ ᠳ᠋ᠥ ᠬᠦᠲᠡᠯᠮᠦᠷᠢ ᠢᠩᠬᠢᠵᠦ ᠦᠷᠬᠦᠯᠵᠢᠯᠡᠭᠰᠡᠷ ᠁
ᠠᠷᠠᠳ ᠤᠨ ᠰᠦᠯᠵᠢᠶ᠎ᠡ
 

 
 
Posted in ᠵᠤᠴᠢᠨ ᠬᠤᠢ᠌ᠮᠤᠷ| 每日嘉宾 and tagged .