ᠬᠤᠷᠴᠡᠪᠢᠯᠢᠭ ᠲᠤᠮᠳᠠᠳᠤ ᠤᠯᠤᠰ ᠤᠨ ᠪᠤᠤᠺᠰ ᠤᠨ ᠠᠪᠤᠷᠭᠤ ᠪᠠᠷ ᠴᠤᠯᠠᠯᠠᠭᠳᠠᠪᠠ 我区运动员胡日查毕力格夺冠并获封“中国拳王”

 
 

ᠬᠤᠷᠴᠡᠪᠢᠯᠢᠭ ᠲᠤᠮᠳᠠᠳᠤ ᠤᠯᠤᠰ ᠤᠨ ᠪᠤᠤᠺᠰ ᠤᠨ ᠠᠪᠤᠷᠭᠤ ᠪᠠᠷ ᠴᠤᠯᠠᠯᠠᠭᠳᠠᠪᠠ

 5 ᠰᠠᠷ᠎ᠠ ᠶᠢᠨ 12 ᠤᠨ ᠡᠳᠦᠷ᠂ 2016 ᠤᠨ ᠤ ᠪᠦᠬᠦ ᠤᠯᠤᠰ ᠤᠨ ᠡᠷᠡᠭᠳᠡᠢ ᠶᠢᠨ ᠪᠤᠤᠺᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠰᠢᠢᠳᠪᠤᠷᠢᠳᠤ ᠤᠷᠤᠯᠳᠤᠭᠠᠨ ᠵᠢᠴᠢ ᠠᠩᠬᠠᠳᠠᠭᠴᠢ ᠬᠤᠭᠤᠴᠠᠭᠠᠨ ᠤ ᠲᠤᠮᠳᠠᠳᠤ ᠤᠯᠤᠰ ᠤᠨ ᠪᠤᠤᠺᠰ ᠤᠨ ᠠᠪᠤᠷᠭᠤ ᠶᠢᠨ ᠲᠡᠮᠡᠴᠡᠬᠡᠨ ᠱᠠᠨᠳᠦ᠋ᠩ ᠮᠤᠵᠢ ᠶᠢᠨ ᠽᠢ ᠪᠦᠸᠧ ᠬᠤᠳᠠᠨ ᠳᠤ ᠦᠨᠳᠦᠷᠯᠡᠪᠠ᠃ ᠤᠷᠤᠯᠳᠤᠭᠠᠨ ᠳᠤ ᠮᠠᠨ ᠤ ᠤᠷᠤᠨ ᠤ ᠲᠠᠮᠢᠷᠴᠢᠨ ᠬᠤᠷᠴᠡᠪᠢᠯᠢᠭ 69 ᠺᠢᠯᠦᠭᠷᠠᠮ ᠤᠨ ᠲᠡᠰ ᠲᠤ ᠮᠠᠩᠯᠠᠶᠢᠯᠠᠵᠤ᠂ ᠲᠡᠷᠡᠴᠢᠯᠠᠨ ᠤᠯᠤᠰ ᠤᠨ ᠪᠤᠤᠺᠰ ᠤᠨ ᠵᠦᠪᠯᠡᠯ ᠠᠴᠠ ᠤᠯᠭᠤᠭᠰᠠᠠ ᠲᠤᠮᠳᠠᠳᠤ ᠤᠯᠤᠰ ᠤᠨ ᠪᠤᠤᠺᠰ ᠤᠨ ᠠᠪᠤᠷᠭᠤ ᠶᠢᠨ ᠴᠤᠯᠠ ᠶᠢ ᠬᠦᠷᠳᠡᠵᠡᠢ᠃
  ᠡᠨᠡ ᠵᠢᠯ ᠤᠨ ᠪᠦᠬᠦ ᠤᠯᠤᠰ ᠤᠨ ᠡᠷᠡᠭᠳᠡᠢ ᠶᠢᠨ ᠪᠤᠤᠺᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠵᠢᠴᠢ ᠲᠤᠮᠳᠠᠳᠤ ᠤᠯᠤᠰ ᠤᠨ ᠪᠤᠤᠺᠰ ᠤᠨ ᠠᠪᠤᠷᠭᠤ ᠶᠢᠨ ᠲᠡᠮᠡᠴᠡᠬᠡᠨ ᠠᠩᠬᠠᠳᠠᠭᠴᠢ ᠤᠳᠠᠭ᠎ᠠ ᠬᠤᠪᠢᠶᠠᠷᠢ ᠤᠷᠤᠯᠳᠤᠭᠠᠨ ᠤ ᠲᠦᠷᠢᠮ ᠢ ᠬᠡᠷᠡᠭᠯᠡᠵᠤ᠂ ᠪᠦᠬᠦ ᠤᠯᠤᠰ ᠲᠤ 5 ᠬᠤᠪᠢᠶᠠᠷᠢ ᠤᠷᠤᠯᠳᠤᠭᠠᠨ ᠤ ᠲᠠᠯᠠᠪᠠᠢ ᠲᠤᠬᠢᠷᠠᠭᠤᠯᠤᠨ᠂ ᠬᠤᠪᠢᠶᠠᠷᠢ ᠤᠷᠤᠯᠳᠤᠭᠠᠨ ᠠᠴᠠ ᠲᠤᠳᠤᠷᠠᠭᠰᠠᠳ ᠰᠠᠢᠢ ᠡᠴᠦᠰ ᠤᠨ ᠰᠢᠢᠳᠪᠤᠷᠢᠳᠤ ᠤᠷᠤᠯᠳᠤᠭᠠᠨ ᠳᠤ ᠤᠷᠤᠯᠴᠠᠬᠤ ᠡᠷᠬᠡ ᠲᠠᠢ ᠪᠤᠯᠭᠠᠵᠠᠢ᠃
  ᠡᠶᠢᠨᠬᠦ ᠲᠤᠰ ᠤᠳᠠᠭᠠᠨ ᠤ ᠤᠷᠤᠯᠳᠤᠭᠠᠨ ᠳᠤ ᠪᠦᠬᠦ ᠤᠯᠤᠰ ᠤᠨ 37 ᠲᠦᠯᠦᠬᠡᠯᠡᠭᠴᠢ ᠶᠢᠨ ᠠᠩᠬᠢ ᠶᠢᠨ 200 ᠭᠠᠷᠤᠢ ᠬᠠᠮᠤᠭ ᠰᠢᠯᠢᠳᠡᠭ ᠪᠤᠤᠺᠰᠴᠢᠨ ᠴᠤᠭᠯᠠᠷᠠᠵᠤ᠂ 5ᠡᠳᠦᠷ ᠤᠨ ᠬᠤᠭᠤᠴᠠᠭᠠᠨ ᠳᠤ ᠲᠡᠳᠡᠨᠡᠷ 10 ᠬᠦᠨᠳᠤ ᠶᠢᠨ ᠲᠡᠰ ᠲᠤ ᠰᠢᠷᠦᠬᠦᠨ ᠦᠷᠢᠰᠦᠯᠳᠦᠭᠰᠡᠡ ᠪᠠᠶᠢᠨ᠎ᠠ᠃ ᠤᠷᠤᠯᠳᠤᠭᠠᠨ ᠤ ᠳ᠋ᠦᠩ ᠳᠤ᠂ ᠮᠠᠨ ᠤ ᠤᠷᠤᠨ ᠤ ᠲᠠᠮᠢᠷᠴᠢᠨ ᠬᠤᠷᠴᠡᠪᠢᠯᠢᠭ 69 ᠺᠢᠯᠦᠭᠷᠠᠮ ᠤᠨ ᠲᠡᠰ ᠲᠤ ᠡᠯ᠎ᠠ ᠵᠠᠮ ᠤᠨ ᠰᠢᠯᠢᠳᠡᠭ ᠪᠤᠤᠺᠰᠴᠢᠨ ᠢ ᠢᠯᠠᠵᠤ᠂ ᠡᠴᠦᠰ ᠤᠨ ᠮᠠᠩᠯᠠᠢ ᠪᠠᠷ ᠲᠤᠳᠤᠷᠠᠬᠤ ᠶᠢᠨ ᠬᠠᠮᠳᠤ ᠲᠤᠮᠳᠠᠳᠤ ᠤᠯᠤᠰ ᠤᠨ ᠪᠤᠤᠺᠰ ᠤᠨ ᠠᠪᠤᠷᠭᠤ ᠶᠢᠨ ᠴᠤᠯᠠ ᠶᠢ ᠬᠦᠷᠳᠡᠪᠠ᠃ 5 ᠰᠠᠷ᠎ᠠ ᠶᠢᠨ 17 ᠤ ᠡᠳᠦᠷ᠂ ᠰᠤᠷᠪᠤᠯᠵᠢᠯᠠᠭᠴᠢ ᠤᠳᠠᠰᠤ ᠪᠠᠷ ᠨᠢᠬᠡᠨᠳᠠ ᠨᠤᠳᠤᠭ ᠲᠠᠭᠠᠨ ᠪᠤᠴᠠᠭᠰᠠᠠ ᠬᠤᠷᠴᠡᠪᠢᠯᠢᠭ ᠪᠤᠯᠤᠨ ᠲᠡᠬᠦᠨ ᠤ ᠲᠠᠰᠬᠠᠯᠵᠢᠭᠤᠯᠤᠭᠴᠢ ᠯᠢ ᠬᠦᠸᠧ ᠵᠢᠶᠦ᠋ᠨ ᠢ ᠰᠤᠷᠪᠤᠯᠵᠢᠯᠠᠭᠰᠠᠠ ᠪᠢᠯᠠ᠃
  — ᠮᠢᠨᠤ ᠦᠨᠦᠳᠦᠷ ᠤᠨ ᠠᠮᠵᠢᠯᠳᠠ ᠦᠪᠦᠷ ᠮᠤᠩᠭᠤᠯ ᠤᠨ ᠪᠤᠤᠺᠰ ᠤᠨ ᠠᠩᠬᠢ ᠶᠢᠨ ᠲᠠᠰᠬᠠᠯᠵᠢᠭᠤᠯᠤᠭᠴᠢ ᠪᠠᠭᠰᠢᠨᠠᠷ ᠠᠴᠠ ᠰᠠᠯᠵᠤ ᠴᠢᠳᠠᠰᠢ ᠦᠬᠡᠢ᠂ ᠤᠨᠴᠠᠭᠠᠢᠢᠯᠠᠨ ᠨᠠᠮᠠᠢᠢ ᠪᠤᠤᠺᠰ ᠤᠨ ᠵᠠᠮ ᠳᠤ ᠬᠦᠳᠦᠯᠦᠨ ᠤᠷᠤᠭᠤᠯᠤᠭᠰᠠᠠ ᠴᠢᠯᠠᠭᠤ ᠪᠠᠭᠰᠢ ᠠᠴᠠ ᠰᠠᠯᠵᠤ ᠴᠢᠳᠠᠬᠤ ᠦᠬᠡᠢ ᠶᠤᠮ᠃ 2003 ᠤᠨ ᠳᠤ ᠪᠢ ᠤᠯᠠᠭᠠᠨᠬᠠᠳᠠ ᠬᠤᠳᠠ ᠶᠢᠨ ᠤᠩᠨᠢᠭᠤᠳ ᠬᠤᠰᠢᠭᠤᠨ ᠤ ᠪᠠᠶᠠᠨᠳᠠᠯ᠎ᠠ ᠰᠤᠮᠤ ᠶᠢᠨ ᠰᠤᠮᠤᠨ ᠤ ᠰᠤᠷᠭᠠᠭᠤᠯᠢ ᠳᠤ ᠪᠢᠴᠢᠭ ᠦᠵᠡᠵᠤ ᠪᠠᠶᠢᠬᠤ ᠳᠤ᠂ ᠴᠢᠯᠠᠭᠤ ᠪᠠᠭᠰᠢ ᠨᠠᠮᠠᠢᠢ ᠦᠵᠡᠵᠤ ᠲᠤᠭᠤᠭᠠᠳ ᠪᠤᠤᠺᠰ ᠤᠨ ᠠᠩᠬᠢ ᠳᠠᠭᠠᠨ ᠠᠪᠴᠢᠷᠠᠭᠰᠠᠠ ᠪᠢᠯᠠ᠃ ᠡᠳᠡᠬᠡᠷ ᠪᠠᠭᠰᠢᠨᠠᠷ ᠦᠬᠡᠢ ᠪᠤᠯ ᠮᠢᠨᠦ ᠦᠨᠦᠳᠦᠷ ᠤᠨ ᠠᠮᠵᠢᠯᠳᠠ ᠪᠠᠶᠢᠵᠦ ᠴᠢᠳᠠᠬᠤ ᠦᠬᠡᠢ ᠬᠡᠵᠤ ᠬᠤᠷᠴᠡᠪᠢᠯᠢᠭ ᠰᠤᠷᠪᠤᠯᠵᠢᠯᠠᠭ᠎ᠠ ᠬᠦᠯᠢᠶᠡᠬᠦ ᠳᠡᠭᠡᠨ ᠢᠢᠨᠬᠦ ᠬᠢᠴᠢᠶᠡᠩᠬᠦᠢ ᠶᠠᠷᠢᠭᠰᠠᠠ ᠢᠶᠠᠨ ᠵᠠᠯᠭᠠᠭᠠᠳ᠄
  — ᠨᠢᠬᠡᠨ ᠮᠡᠷᠬᠡᠵᠢᠯ ᠤᠨ ᠲᠠᠮᠢᠷᠴᠢᠨ ᠳᠤ ᠠᠪᠴᠤ ᠬᠡᠯᠡᠪᠠᠯ᠂ ᠤᠯᠢᠮᠫᠢᠺ ᠪᠤᠯ ᠬᠠᠮᠤᠭ ᠡᠷᠬᠢᠮ ᠲᠡᠬᠡᠳᠤ ᠬᠦᠰᠡᠯ ᠲᠡᠮᠡᠤᠯᠦᠯ ᠪᠤᠯᠬᠤ ᠨᠢ ᠲᠠᠮᠵᠢᠭ ᠦᠬᠡᠢ᠂ ᠤᠯᠢᠮᠫᠢᠺ ᠲᠤ ᠤᠷᠤᠯᠴᠠᠬᠤ ᠨᠢ ᠤᠯᠢᠮᠫᠢᠺ ᠲᠤ ᠬᠡᠳᠦᠢ ᠦᠨᠳᠦᠷ ᠠᠮᠵᠢᠯᠳᠠ ᠤᠯᠬᠤ ᠠᠴᠠ ᠨᠠᠩ ᠢᠯᠡᠬᠦᠦ ᠤᠳᠬ᠎ᠠ ᠠᠭᠤᠯᠭ᠎ᠠ ᠲᠠᠢ ᠬᠡᠵᠤ ᠪᠢ ᠦᠵᠡᠳᠡᠭ᠃ ᠬᠡᠪᠡᠴᠤ ᠮᠠᠰᠢ ᠬᠠᠷᠠᠮᠰᠠᠯᠳᠠᠢ ᠨᠢ᠂ ᠡᠨᠡ ᠵᠢᠯ ᠤᠨ ᠪᠷᠠᠽᠢᠯ ᠳᠤ ᠪᠤᠯᠬᠤ ᠤᠯᠢᠮᠫᠢᠺ ᠠᠴᠠ ᠪᠢ ᠪᠠᠰᠠᠯᠠ ᠬᠠᠯᠳᠤ ᠵᠦᠷᠢᠬᠡᠳ ᠦᠩᠬᠡᠷᠡᠯ᠎ᠠ᠃ ᠮᠡᠷᠬᠡᠵᠢᠯ ᠤᠨ ᠲᠠᠮᠢᠷᠴᠢᠨ ᠳᠤ ᠬᠡᠳᠦᠬᠡᠨ ᠲᠦᠷᠪᠠᠨ ᠵᠢᠯ ᠪᠠᠶᠢᠵᠤ ᠴᠢᠳᠠᠬᠤ ᠪᠤᠢ ᠳ᠋ᠠ᠂ ᠲᠡᠩᠳᠡᠬᠦᠦ ᠬᠠᠷᠠᠮᠰᠠᠯᠳᠠᠢ ᠰᠠᠨᠠᠭᠳᠠᠨ᠎ᠠ᠃ ᠬᠡᠬᠦ ᠳᠤ᠂ 2017 ᠤᠨ ᠳᠤ ᠮᠦᠨ ᠲᠦᠷᠪᠡᠨ ᠵᠢᠯ ᠳᠤ ᠨᠢᠬᠡ ᠤᠳᠠᠭ᠎ᠠ ᠶᠠᠪᠤᠭᠳᠠᠳᠠᠭ ᠪᠦᠬᠦ ᠤᠯᠤᠰ ᠤᠨ ᠲᠠᠮᠢᠷ ᠤᠨ ᠴᠤᠭᠯᠠᠭᠠᠨ ᠲᠢᠶᠠᠨᠵᠢᠨ ᠳᠤ ᠶᠠᠪᠤᠭᠳᠠᠬᠤ ᠪᠤᠯᠤᠨ᠎ᠠ᠂ ᠤᠯᠤᠰ ᠤᠨ ᠲᠤᠳᠤᠷᠠᠬᠢ ᠤᠯᠢᠮᠫᠢᠺ ᠬᠡᠬᠦ ᠲᠤᠰ ᠲᠤᠮᠤ ᠴᠤᠭᠯᠠᠭᠠᠨ ᠳᠤ ᠪᠢ ᠦᠪᠦᠷ ᠮᠤᠩᠭᠤᠯ ᠢᠶᠠᠨ ᠲᠦᠯᠦᠬᠡᠯᠡᠵᠤ ᠠᠯᠳᠠᠨ ᠮᠧᠳᠠᠯ ᠤᠯᠬᠤ ᠪᠠᠷ ᠲᠡᠮᠡᠴᠡᠨ᠎ᠠ᠃
  ᠡᠨᠡ ᠨᠢ ᠮᠦᠨ ᠴᠤ ᠮᠢᠨᠤ ᠦᠢᠷ᠎ᠠ ᠶᠢᠨ ᠬᠤᠭᠤᠴᠠᠭᠠᠨ ᠳᠠᠬᠢ ᠬᠠᠮᠤᠭ ᠶᠡᠭᠡ ᠬᠠᠷᠠᠯᠳᠠ ᠪᠤᠯᠬᠤ ᠶᠤᠮ ᠬᠡᠵᠤ ᠬᠤᠷᠴᠡᠪᠢᠯᠢᠭ ᠶᠠᠷᠢᠯ᠎ᠠ᠃
  — ᠬᠤᠷᠴᠡᠪᠢᠯᠢᠭ ᠪᠤᠯ ᠮᠠᠨ ᠤ ᠡᠷᠡᠭᠳᠡᠢ ᠶᠢᠨ ᠪᠤᠤᠺᠰ ᠤᠨ ᠠᠩᠬᠢ ᠶᠢᠨ ᠬᠠᠮᠤᠭ ᠠᠬᠠᠮᠠᠳ ᠲᠠᠮᠢᠷᠴᠢᠨ ᠤ ᠨᠢᠬᠡ ᠪᠠᠶᠢᠵᠤ᠂ᠤᠳᠤᠬᠠᠨ ᠳᠤ ᠲᠠᠮᠢᠷᠴᠢᠨ ᠪᠤᠯᠤᠨ ᠰᠤᠷᠭᠠᠭᠴᠢ ᠶᠢᠨ ᠠᠵᠢᠯ ᠢ ᠲᠠᠪᠬᠤᠷᠳᠠᠵᠤ ᠬᠢᠵᠤ ᠪᠤᠢ᠃ ᠲᠡᠷᠡ ᠪᠤᠯ ᠨᠢᠬᠡᠨ ᠪᠦᠬᠦ ᠲᠠᠯ᠎ᠠ ᠶᠢᠨ ᠮᠡᠷᠬᠡᠵᠢᠯ ᠲᠠᠢ ᠠᠪᠢᠶᠠᠰᠯᠢᠬ ᠲᠠᠮᠢᠷᠴᠢᠨ᠂ ᠬᠦᠴᠦ ᠴᠢᠳᠠᠯ ᠰᠠᠶᠢᠨ᠂ ᠬᠦᠳᠡᠯᠦᠯ ᠪᠠᠷᠢᠯ ᠲᠦᠷᠬᠡᠨ᠂ ᠬᠡᠳᠡᠷᠬᠦ ᠲᠠᠭᠠᠷᠢᠯᠳᠠ ᠰᠢᠷᠦᠬᠦᠨ᠂ᠠᠮᠢᠳᠤᠯᠢᠭ ᠤᠷᠤᠯᠳᠤᠳᠠᠭ ᠵᠡᠷᠬᠡ ᠮᠡᠷᠬᠡᠵᠢᠯ ᠤᠨ ᠤᠨᠴᠠᠯᠢᠭ ᠲᠠᠢ᠃
  ᠲᠤᠰ ᠤᠳᠠᠭ᠎ᠠ ᠪᠦᠬᠦ ᠤᠯᠤᠰ ᠤᠨ ᠤᠷᠤᠯᠳᠤᠭᠠᠨ ᠳᠤ ᠮᠠᠩᠯᠠᠶᠢᠯᠠᠵᠤ ᠲᠡᠷᠡᠴᠢᠯᠠᠨ ᠲᠤᠮᠳᠠᠳᠤ ᠤᠯᠤᠰ ᠤᠨ ᠪᠤᠤᠺᠰ ᠤᠨ ᠠᠪᠤᠷᠭᠤ ᠪᠠᠷ ᠴᠤᠯᠠᠯᠠᠭᠳᠠᠭᠰᠠᠠ ᠨᠢ ᠮᠠᠨ ᠤ ᠪᠤᠤᠺᠰ ᠤᠨ ᠠᠩᠬᠢ ᠶᠢᠨ ᠵᠠᠯᠠᠭᠤ ᠨᠢᠬᠡ ᠦᠶ᠎ᠠ ᠶᠢᠨ ᠬᠡᠤᠬᠡᠳ ᠲᠤ ᠲᠠᠭᠤᠷᠢᠶᠠᠯ ᠤᠨ ᠦᠢᠯᠡᠳᠦᠯ ᠦᠵᠡᠬᠦᠯᠵᠤ᠂ ᠲᠡᠳᠡᠨ ᠤ ᠪᠤᠤᠺᠰ ᠲᠤ ᠨᠠᠩ ᠤᠷᠮ᠎ᠠ ᠪᠠᠬ᠎ᠠ ᠲᠠᠢ ᠪᠤᠯᠵᠤ᠂ ᠵᠤᠷᠢᠬ ᠮᠤᠬᠤᠰᠢ ᠦᠬᠡᠢ ᠴᠢᠷᠮᠠᠶᠢᠪᠠᠯ ᠯᠠᠪ ᠠᠮᠵᠢᠯᠳᠠ ᠤᠯᠤᠨ᠎ᠠ ᠬᠡᠳᠡᠭ ᠲᠤ ᠨᠠᠩ ᠢᠳᠡᠬᠡᠯ ᠵᠤᠷᠢᠬ ᠲᠠᠢ ᠪᠤᠯᠭᠠᠬᠤ ᠨᠢ ᠯᠠᠪᠳᠠᠢ ᠬᠡᠵᠤ ᠦᠪᠦᠷ ᠮᠤᠩᠭᠤᠯ ᠤᠨ ᠡᠷᠡᠭᠳᠡᠢ ᠶᠢᠨ ᠪᠤᠤᠺᠰ ᠤᠨ ᠠᠩᠬᠢ ᠶᠢᠨ ᠲᠠᠰᠬᠠᠯᠵᠢᠭᠤᠯᠤᠭᠴᠢ ᠯᠢ ᠬᠦᠸᠧ ᠵᠢᠶᠦ᠋ᠨ ᠰᠤᠷᠪᠤᠯᠵᠢᠯᠠᠭᠴᠢ ᠳᠤ ᠶᠠᠷᠢᠬᠰᠠᠠ ᠪᠢᠯᠠ᠃
  ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ

 

全国男子拳击锦标赛暨中国拳王争霸赛

  ───我区运动员胡日查毕力格夺冠并获封“中国拳王”

5月7日至12日,代表中国奥运系统拳击最高水平的2016年全国男子拳击锦标赛暨中国拳王争霸赛决赛在山东省淄博市体育中心举办。

来自全国各省市、自治区及各大行业体协的37支代表队参加比赛,其中包括即将代表中国参加里约奥运会的国家队成员以及通过前期五大分区赛层层选拔晋级的200余位最优秀拳手,他们中的10人将成为代表中国拳击奥运规则下实力最强的 “中国拳王”。

我区运动员胡日查毕力格力压群雄,豪夺69公斤级冠军,并被国家拳击部授予“中国拳王”称号。

 
 
 
Posted in ᠤᠷᠤᠯᠳᠤᠭᠠᠨ ᠨᠠᠭᠠᠳᠤᠮ| 赛事赛况 and tagged .