ᠶᠤᠧᠠᠨ ᠤ ᠬᠠᠭᠠᠨ ᠤ ᠣᠷᠳᠣᠨ ᠤ ᠪᠠᠭᠤᠷᠢ 《 ᠪᠣᠷᠣ ᠬᠣᠲᠠ···元皇宫遗址就在“紫禁城”内

 
 

ᠶᠤᠧᠠᠨ ᠤ ᠬᠠᠭᠠᠨ ᠤ ᠣᠷᠳᠣᠨ ᠤ ᠪᠠᠭᠤᠷᠢ 《 ᠪᠣᠷᠣ ᠬᠣᠲᠠ》 ᠳ᠋ᠤ ᠪᠠᠢᠨ᠎ᠠ

ᠥᠴᠦᠭᠡᠳᠦᠷ ᠬᠠᠭᠠᠨ ᠤ ᠣᠷᠳᠣᠨ ᠤ ᠮᠦᠽᠧᠢ ᠶᠢᠨ ᠬᠠᠭᠤᠴᠢ ᠰᠣᠳᠣᠯᠣᠯ ᠤᠨ ᠰᠤᠳᠤᠯᠭᠠᠨ ᠤ ᠭᠠᠵᠠᠷ ᠨᠢᠭᠡ ᠪᠦᠯᠦᠭ ᠬᠠᠭᠤᠴᠢ ᠰᠣᠳᠣᠯᠣᠯ ᠤᠨ ᠦᠷ᠎ᠡ ᠳ᠋ᠦᠩ ᠢ ᠨᠡᠢᠲᠡᠯᠡᠭᠰᠡᠨ ᠪᠠᠢᠨ᠎ᠠ᠂ ᠡᠭᠦᠨ ᠳ᠋ᠦ ᠠᠩᠬ᠎ᠠ ᠣᠯᠵᠤ ᠮᠡᠳᠡᠭᠰᠡᠨ ᠶᠤᠧᠠᠨ ᠤᠯᠤᠰ ᠤᠨ ᠦᠶ᠎ᠡ ᠶᠢᠨ ᠭᠠᠵᠠᠷ ᠤᠨ ᠲᠠᠪᠬᠤᠷᠭ᠎ᠠ᠂ ᠲᠣᠮᠣ ᠬᠡᠯᠪᠡᠷᠢ ᠶᠢᠨ ᠣᠷᠳᠤᠨ ᠤ ᠪᠠᠷᠢᠯᠭ᠎ᠠ ᠶᠢᠨ ᠪᠠᠭᠤᠷᠢ᠂ ᠣᠷᠳᠤᠨ ᠳ᠋ᠥ ᠬᠠᠭᠠᠨ ᠤ ᠬᠡᠷᠡᠭᠯᠡᠳᠡᠭ ᠱᠠᠭᠠᠵᠠᠩ ᠰᠠᠪᠠ ᠶᠢᠨ ᠬᠠᠭᠠᠷᠬᠠᠢ  ᠶᠢ ᠪᠣᠯᠠᠰᠢᠯᠠᠭᠰᠠᠨ ᠨᠦᠬᠡ ᠵᠡᠷᠭᠡ ᠪᠠᠭᠲᠠᠨ᠎ᠠ᠃ ᠡᠭᠦᠨ ᠦ ᠳᠣᠲᠣᠷ᠎ᠠ᠂ ᠶᠤᠧᠠᠨ ᠤᠯᠤᠰ ᠤᠨ ᠦᠶ᠎ᠡ ᠶᠢᠨ ᠭᠠᠵᠠᠷ ᠤᠨ ᠲᠠᠪᠬᠤᠷᠭ᠎ᠠ ᠨᠢ ᠣᠢᠷ᠎ᠠ ᠶᠢᠨ ᠬᠣᠶᠠᠷ ᠵᠢᠯ ᠦᠨ ᠲᠤᠷᠰᠢᠬᠢ ᠬᠠᠭᠠᠨ ᠤ ᠣᠷᠳᠤᠨ ᠤ ᠬᠠᠭᠤᠴᠢ ᠰᠤᠳᠤᠯᠤᠯ ᠤᠨ ᠰᠢᠪᠲᠤᠯᠤᠯᠲᠠ ᠶᠢᠨ ᠴᠢᠨᠠᠷᠲᠠᠢ ᠢᠯᠡᠷᠡᠭᠦᠯᠦᠯᠲᠡ ᠪᠣᠯᠣᠨ᠎ᠠ᠃

ᠸᠠᠩᠲᠤ ᠲᠦᠷᠦ ᠶᠢᠨ ᠦᠭᠰᠦᠯ ᠣᠷᠣᠭᠤᠳᠠᠯ ᠤᠨ ᠳᠤᠮᠳᠠ ᠭᠠᠵᠠᠷ ᠳᠣᠣᠷ᠎ᠠ ᠬᠡᠳᠦᠨ ᠵᠠᠭᠤᠨ ᠵᠢᠯ ᠪᠤᠯᠠᠭᠳᠠᠭᠰᠠᠨ ᠶᠡᠬᠡ ᠶᠤᠧᠠᠨ ᠤᠯᠤᠰ ᠤᠨ ᠬᠠᠭᠠᠨ ᠤ ᠣᠷᠳᠤᠨ᠂ ᠣᠢᠷ᠎ᠠ ᠶᠢᠨ ᠡᠳᠦᠷ ᠬᠠᠭᠠᠨ ᠤ ᠣᠷᠳᠣᠨ ᠤ ᠮᠦᠽᠧᠢ ᠳ᠋ᠥ ᠢᠯᠡᠷᠡᠯ᠎ᠡ —— ᠯᠦᠩ ᠽᠦᠩ ᠮᠧᠨ ᠬᠠᠭᠠᠯᠭ᠎ᠠ ᠶᠢᠨ ᠪᠠᠷᠠᠭᠤᠨ ᠲᠠᠯ᠎ᠠ ᠶᠢᠨ ᠨᠢᠭᠡ ᠪᠦᠯᠦᠭ ᠪᠠᠷᠢᠯᠭ᠎ᠠ ᠶᠢᠨ ᠦᠯᠡᠳᠡᠭᠳᠡᠯ ᠳᠤᠮᠳᠠ ᠡᠴᠠ ᠣᠯᠣᠭᠰᠠᠨ ᠸᠠᠭᠠᠷ ᠱᠠᠭᠠᠵᠠᠩ ᠤᠨ ᠬᠡᠮᠭᠡᠳᠡᠭ ᠵᠡᠷᠭᠡ ᠨᠢ ᠭᠠᠵᠠᠷ ᠤᠨ ᠲᠠᠪᠬᠤᠷᠭ᠎ᠠ ᠶᠢᠨ ᠦᠶ᠎ᠡ ᠶᠢ ᠶᠤᠧᠠᠨ ᠤᠯᠤᠰ ᠤᠨ ᠦᠶ᠎ᠡ ᠳ᠋ᠦ ᠬᠠᠷᠢᠭᠤᠯᠤᠭᠰᠠᠨ ᠪᠠᠢᠨ᠎ᠠ᠃

ᠡᠨᠡᠬᠦ ᠢᠯᠡᠷᠡᠭᠦᠯᠦᠯᠲᠡ ᠨᠢ ᠬᠠᠭᠠᠨ ᠤ ᠣᠷᠳᠣᠨ ᠤ ᠬᠥᠭᠵᠢᠯᠲᠡ ᠶᠢᠨ ᠲᠡᠥᠬᠡᠨ ᠲᠡᠭᠡᠷ᠎ᠡ ᠪᠡᠯᠭᠡ ᠲᠡᠮᠳᠡᠭ ᠦᠨ ᠴᠢᠨᠠᠷᠲᠠᠢ ᠦᠢᠯᠡᠳᠦᠯ ᠲᠡᠢ ᠪᠠᠢᠵᠤ᠂ ᠪᠣᠷᠣ ᠬᠣᠲᠠ ᠶᠢᠨ ᠶᠤᠧᠠᠨ᠂ ᠮᠢᠩ᠂ ᠴᠢᠩ ᠭᠤᠷᠪᠠᠨ ᠲᠦᠷᠦ ᠪᠠ ᠪᠡᠭᠡᠵᠢᠩ ᠬᠣᠲᠠ ᠶᠢᠨ ᠳᠤᠮᠳᠠ ᠲᠡᠩᠭᠡᠯᠢᠭᠳᠤ ᠱᠤᠭᠤᠮ ᠤᠨ ᠬᠤᠪᠢᠷᠠᠯᠲᠠ᠂ ᠴᠢᠨᠠᠭᠰᠢᠯᠠᠪᠠᠯ ᠪᠤᠷᠤ ᠬᠣᠲᠠ ᠶᠢᠨ ᠲᠡᠥᠬᠡ ᠵᠢᠴᠢ ᠳᠤᠮᠳᠠᠳᠤ ᠤᠯᠤᠰ ᠤᠨ ᠡᠷᠲᠡᠨ ᠦ ᠦᠶ᠎ᠡ ᠶᠢᠨ ᠪᠠᠷᠢᠯᠭ᠎ᠠ ᠶᠢᠨ ᠲᠡᠥᠬᠡ ᠶᠢ ᠰᠣᠳᠤᠯᠬᠤ ᠳ᠋ᠤ ᠴᠦᠮ ᠲᠤᠢᠯ ᠤᠨ ᠴᠢᠬᠤᠯᠠ ᠠᠴᠢ ᠬᠣᠯᠪᠤᠭᠳᠠᠯ ᠲᠠᠢ ᠶᠤᠮ᠃

﹇ᠢᠯᠡᠷᠡᠭᠦᠯᠦᠯᠲᠡ ﹈ ᠶᠤᠧᠠᠨ ᠤᠯᠤᠰ ᠤᠨ ᠦᠶ᠎ᠡ ᠶᠢᠨ ᠭᠠᠵᠠᠷ ᠤᠨ ᠲᠠᠪᠬᠤᠷᠭ᠎ᠠ ᠨᠢ ᠶᠤᠧᠠᠨ ᠤᠯᠤᠰ ᠤᠨ ᠦᠶ᠎ᠡ ᠶᠢᠨ ᠬᠠᠭᠠᠨ ᠤ ᠣᠷᠳᠤᠨ ᠤ ᠪᠠᠢᠷᠢ ᠶᠢ ᠰᠢᠯᠭᠠᠨ ᠪᠠᠲᠤᠯᠠᠨ᠎ᠠ

ᠬᠠᠭᠠᠨ ᠤ ᠣᠷᠳᠤᠨ ᠤ ᠰᠣᠳᠤᠯᠭᠠᠨ ᠤ ᠬᠦᠷᠢᠶᠡᠯᠡᠩ ᠦᠨ ᠬᠠᠭᠤᠴᠢ ᠰᠣᠳᠣᠯᠣᠯ ᠤᠨ ᠰᠤᠳᠤᠯᠭᠠᠨ ᠤ ᠭᠠᠵᠠᠷ ᠤᠨ ᠲᠠᠷᠤᠭ᠎ᠠ ᠯᠢ ᠵᠢᠢ  ᠶᠢᠨ ᠲᠠᠨᠢᠯᠴᠠᠭᠤᠯᠤᠭᠰᠠᠨ ᠢᠶᠠᠷ᠂ ᠭᠠᠵᠠᠷ ᠤᠨ ᠲᠠᠪᠬᠤᠷᠭ᠎ᠠ ᠨᠢ ᠯᠦᠩ ᠽᠦᠩ ᠮᠧᠨ ᠬᠠᠭᠠᠯᠭ᠎ᠠ ᠶᠢᠨ ᠪᠠᠷᠠᠭᠤᠨ ᠲᠠᠯ᠎ᠠ ᠳ᠋ᠤ ᠪᠠᠢᠷᠢᠯᠠᠵᠤ᠂ ᠬᠠᠭᠤᠴᠢ ᠰᠤᠳᠤᠯᠭᠠᠨ  ᠤ ᠨᠡᠭᠡᠭᠡᠯᠲᠡ  ᠪᠡᠷ ᠲᠠᠮᠵᠢᠨ ᠲᠡᠭᠦᠨ ᠦ ᠲᠠᠪᠬᠤᠷᠭ᠎ᠠ ᠶᠢᠨ ᠬᠠᠷᠢᠴᠠᠭ᠎ᠠ ᠶᠢ ᠰᠡᠭᠦᠯᠴᠢ ᠶᠢᠨ ᠦᠶ᠎ᠡ ᠡᠴᠡ ᠤᠯᠠᠮ ᠡᠷᠲᠡ ᠦᠶ᠎ᠡ ᠲᠡᠢᠰᠢ ᠲᠣᠭᠲᠠᠭᠠᠭᠰᠠᠨ ᠢᠶᠠᠷ᠄ ᠴᠢᠩ ᠤᠯᠤᠰ ᠤᠨ ᠳᠤᠮᠳᠠᠴᠢ ᠦᠶ᠎ᠡ ᠶᠢᠨ ᠲᠣᠭᠣᠰᠬᠠᠨ ᠱᠠᠯᠠ ᠪᠠ ᠲᠣᠭᠣᠰᠬ᠎ᠠ ᠪᠠᠷ ᠪᠠᠷᠢᠭᠰᠠᠨ ᠤᠰᠤ ᠵᠠᠯᠠᠬᠤ ᠰᠤᠪᠠᠭ︔ ᠮᠢᠩ ᠤᠯᠤᠰ ᠤᠨ ᠰᠡᠭᠦᠯᠴᠢ ᠶᠢᠨ ᠦᠶ᠎ᠡ ᠶᠢᠨ ᠬᠡᠷᠡᠮ᠂ ᠬᠠᠭᠠᠯᠭ᠎ᠠ ᠶᠢᠨ ᠰᠠᠭᠤᠷᠢ᠂ ᠲᠣᠭᠣᠰᠬ᠎ᠠ ᠲᠡᠪᠢᠰᠦᠭᠰᠡᠨ ᠭᠠᠵᠠᠷ ᠤᠨ ᠭᠠᠳᠠᠷᠭᠤ᠂ ᠲᠤᠭᠤᠰᠬᠠᠨ ᠬᠡᠷᠡᠮ ᠴᠢᠯᠠᠭᠤᠨ ᠰᠠᠭᠤᠷᠢ ᠬᠢᠭᠡᠳ ᠮᠢᠩ ᠤᠯᠤᠰ ᠤᠨ ᠡᠬᠢᠨ ᠦ ᠦᠶ᠎ᠡ ᠶᠢᠨ ᠪᠠᠷᠢᠯᠭ᠎ᠠ ᠶᠢᠨ ᠰᠠᠭᠤᠷᠢ ᠬᠤᠪᠢᠯ︔ ᠬᠠᠮᠤᠭ ᠤᠨ ᠳᠣᠣᠷ᠎ᠠ ᠲᠠᠪᠬᠤᠷᠭ᠎ᠠ ᠨᠢ ᠶᠡᠷᠦ ᠶᠢᠨ ᠰᠢᠷᠤᠢ ᠪᠠᠷ ᠬᠠᠩᠳᠠᠭᠰᠠᠨ ᠲᠠᠪᠬᠤᠷᠭ᠎ᠠ ᠪᠠ ᠰᠢᠷᠤᠢ ᠬᠠᠩᠳᠠᠨ ᠲᠣᠭᠣᠰᠬ᠎ᠠ ᠲᠡᠪᠢᠰᠦᠭᠰᠡᠨ ᠲᠠᠪᠬᠤᠷᠭ᠎ᠠ ᠶᠢᠨ ᠰᠠᠭᠤᠷᠢ ᠬᠤᠪᠢᠯ ᠪᠣᠯᠣᠨ᠎ᠠ᠃

ᠣᠨᠴᠠᠭᠠᠢᠯᠠᠨ ᠬᠠᠮᠤᠭ ᠳᠣᠣᠷᠠᠬᠢ ᠡᠨᠡ ᠬᠡᠰᠡᠭ ᠪᠠᠭᠤᠷᠢ  ᠶᠢᠨ ᠲᠠᠪᠬᠤᠷᠭ᠎ᠠ ᠶᠢᠨ ᠪᠠᠢᠷᠢ ᠪᠠᠢᠳᠠᠯ ᠤᠨ ᠬᠠᠷᠢᠴᠠᠭᠠᠨ ᠤ ᠲᠠᠯ᠎ᠠ ᠡᠴᠠ ᠲᠤᠰ ᠪᠠᠭᠤᠷᠢ ᠶᠢᠨ ᠬᠠᠮᠤᠭ ᠤᠨ ᠡᠷᠲᠡᠨ ᠦ ᠨᠢᠭᠡ ᠪᠦᠯᠦᠭ ᠣᠪᠣᠭ᠎ᠠ ᠭᠡᠵᠦ ᠮᠠᠭᠠᠳᠯᠠᠵᠤ ᠪᠣᠯᠣᠨ᠎ᠠ᠂ ᠠᠭᠤᠯᠤᠭᠳᠠᠵᠦ ᠪᠠᠢᠭ᠎ᠠ ᠪᠣᠰᠣᠳ ᠪᠤᠳᠠᠰ ᠲᠠᠢ ᠤᠶᠠᠯᠳᠤᠭᠤᠯᠤᠨ ᠮᠠᠭᠠᠳᠯᠠᠪᠠᠯ ᠲᠡᠭᠦᠨ ᠦ ᠣᠨ ᠵᠢᠯ ᠨᠢ ᠶᠤᠧᠠᠨ ᠤᠯᠤᠰ ᠤᠨ ᠦᠶ᠎ᠡ ᠶᠢ ᠴᠢᠭᠯᠡᠵᠦ᠂ ᠬᠠᠭᠤᠴᠢ ᠰᠣᠳᠣᠯᠣᠯ ᠤᠨ ᠨᠡᠭᠡᠭᠡᠯᠲᠡ ᠳ᠋ᠤ 《ᠰᠡᠭᠦᠯᠴᠢ ᠶᠢᠨ ᠦᠶ᠎ᠡ ᠲᠡᠢ ᠣᠢᠷᠠᠲᠤᠭᠤᠯᠵᠤ ᠪᠣᠳᠣᠬᠤ 》 ᠵᠠᠷᠴᠢᠮ ᠢᠶᠠᠷ᠂ ᠲᠡᠭᠦᠨ ᠦ ᠣᠨ ᠵᠢᠯ ᠢ ᠶᠤᠧᠠᠨ ᠤ ᠦᠶ᠎ᠡ ᠬᠡᠮᠡᠨ ᠲᠣᠭᠲᠠᠭᠠᠵᠤ ᠪᠣᠯᠣᠨ᠎ᠠ᠂ 《ᠳᠣᠲᠣᠷ᠎ᠠ ᠨᠢ ᠮᠢᠩ ᠤᠯᠤᠰ ᠤᠨ ᠦᠶ᠎ᠡ ᠶᠢᠨ ᠨᠢᠭᠡ ᠬᠡᠯᠳᠡᠷᠬᠡᠢ ᠬᠤᠯᠲᠠᠷᠬᠠᠢ ᠴᠤ ᠪᠠᠢᠬᠤ ᠦᠭᠡᠢ 》 ᠬᠡᠮᠡᠨ ᠯᠢ ᠵᠢᠢ ᠶᠠᠷᠢᠯ᠎ᠠ᠃

ᠣᠯᠠᠨ ᠵᠢᠯ ᠦᠨ ᠲᠤᠷᠰᠢ ᠶᠤᠧᠠᠨ ᠤᠯᠤᠰ ᠤᠨ ᠬᠠᠭᠠᠨ ᠤ ᠣᠷᠳᠣᠨ ᠤ ᠤᠷᠤᠨ ᠪᠠᠢᠷᠢ  ᠨᠢ ᠶᠡᠷᠦ ᠡᠴᠡ ᠨᠢᠭᠤᠴᠠᠭᠠᠢ ᠪᠠᠢᠯ᠎ᠠ᠂ ᠬᠠᠭᠠᠨ ᠤ ᠣᠷᠳᠤᠨ ᠨᠢ ᠬᠠᠭᠠᠨ ᠤᠭᠰᠠᠭ᠎ᠠ ᠶᠢᠨ ᠦᠪ ᠦᠯᠡᠳᠡᠭᠳᠡᠯ ᠪᠣᠯᠣᠭᠰᠠᠨ ᠤ ᠬᠤᠪᠢ ᠳ᠋ᠤ᠂ ᠶᠤᠧᠠᠨ ᠂ ᠮᠢᠩ ᠂ ᠴᠢᠩ ᠤᠯᠤᠰ ᠤᠨ ᠲᠥᠪ ᠣᠷᠣᠨ ᠳ᠋ᠤ ᠤᠷᠤᠰᠢᠬᠤ ᠴᠣᠷ ᠤᠨ ᠭᠠᠭᠴᠠ ᠴᠢᠨᠠᠷ ᠲᠠᠢ ᠶᠤᠮ᠂ ᠲᠡᠢᠮᠦ ᠡᠴᠡ ᠰᠣᠳᠣᠯᠭᠠᠲᠠᠳ ᠶᠡᠷᠦ ᠳ᠋ᠦ ᠪᠡᠨ ᠶᠤᠧᠠᠨ ᠤᠯᠤᠰ ᠤᠨ ᠦᠶ᠎ᠡ ᠶᠢᠨ ᠬᠠᠭᠠᠨ ᠤ ᠤᠷᠳᠤᠨ  ᠢ ᠣᠳᠣ ᠶᠢᠨ ᠪᠣᠷᠣ ᠬᠣᠲᠠ ᠶᠢᠨ ᠲᠣᠭᠣᠷᠢᠨ ᠳ᠋ᠤ ᠪᠤᠶᠤ ᠪᠠᠷᠠᠭᠤᠨ ᠬᠠᠵᠠᠭᠤ ᠡᠴᠠ ᠪᠧᠢ ᠬᠠᠢ ᠲᠠᠩᠭᠢᠰ ᠤᠨ ᠴᠢᠶᠤᠩ ᠳᠣᠣ ᠠᠷᠠᠯ ᠤᠨ ᠬᠡᠰᠡᠭ ᠲᠣ ᠪᠠᠢᠨ᠎ᠠ ᠬᠡᠮᠡᠨ ᠮᠠᠭᠠᠳᠯᠠᠳᠠᠭ᠃

ᠮᠢᠩ ᠤᠯᠤᠰ ᠬᠠᠭᠠᠨ ᠤ ᠣᠷᠳᠣᠨ ᠪᠠᠢᠭᠤᠯᠬᠤ ᠳ᠋ᠤ ᠪᠠᠨ ᠭᠠᠵᠠᠷ ᠤᠨ ᠰᠠᠭᠤᠷᠢ ᠶᠢ ᠲᠠᠬᠢᠨ ᠪᠠᠢᠭᠤᠯᠵᠤ᠂ ᠶᠤᠧᠠᠨ ᠤᠯᠤᠰ ᠤᠨ ᠦᠶ᠎ᠡ ᠶᠢᠨ ᠪᠠᠷᠢᠯᠭ᠎ᠠ ᠶᠢ ᠦᠨᠳᠦᠰᠦᠨ ᠳ᠋ᠦ ᠪᠡᠨ ᠠᠷᠢᠯᠭᠠᠵᠠᠢ ᠂ ᠲᠡᠢᠮᠦ ᠡᠴᠡ ᠲᠤᠰ ᠤᠳᠠᠭᠠᠨ ᠤ ᠢᠯᠡᠷᠡᠭᠦᠯᠦᠯᠲᠡ ᠮᠠᠰᠢ ᠴᠣᠬᠠᠭ ᠶᠤᠮ᠃ ᠲᠤᠰ ᠤᠳᠠᠭᠠᠨ ᠤ ᠬᠠᠭᠤᠴᠢ ᠰᠣᠳᠣᠯᠣᠯ ᠤᠨ ᠢᠯᠡᠷᠡᠭᠦᠯᠦᠭᠰᠡᠨ ᠶᠤᠧᠠᠨ ᠤᠯᠤᠰ ᠤᠨ ᠦᠶ᠎ᠡ ᠶᠢᠨ ᠭᠠᠵᠠᠷ ᠤᠨ ᠲᠠᠪᠬᠤᠷᠭ᠎ᠠ ᠨᠢ ᠶᠤᠧᠠᠨ ᠤᠯᠤᠰ ᠤᠨ ᠬᠠᠭᠠᠨ ᠤ ᠣᠷᠳᠤᠨ ᠡ᠊ᠨᠳᠡ ᠪᠠᠢᠬᠤ ᠶᠢ ᠲᠠᠷᠤᠢ ᠲᠣᠭᠲᠠᠭᠠᠵᠤ ᠪᠣᠯᠣᠨ᠎ᠠ᠂ ᠦᠯᠡᠳᠡᠭᠰᠡᠨ ᠪᠠᠢᠷᠢ ᠶᠢᠨ ᠲᠣᠭᠲᠠᠭᠠᠯᠲᠠ ᠶᠢ ᠢᠷᠡᠭᠡᠳᠦᠢ ᠳ᠋ᠦ ᠢᠯᠡᠷᠡᠭᠦᠯᠬᠦ ᠪᠣᠯᠣᠨ᠎ᠠ᠂ 《ᠶᠠᠭ ᠵᠢᠷᠤᠭ  ᠤᠨ ᠲᠠᠰᠤᠷᠬᠠᠢ ᠡᠪᠯᠡᠭᠦᠯᠬᠦ ᠮᠡᠲᠦ 》 ᠭᠡᠵᠦ ᠯᠢ ᠵᠢᠢ ᠶᠠᠷᠢᠯ᠎ᠠ᠃

 
 

元皇宫遗址就在“紫禁城”内

昨日,故宫博物院考古研究所发布了一组考古成果,包括首次发现的元代地层、大型宫殿建筑遗址、宫廷御用瓷器碎片埋葬坑等。其中,元代地层是近两年来故宫考古的突破性发现。
 在王朝更迭中,被埋藏在地下数百年的元代大内,也就是元朝皇宫,近日在故宫博物院内露出端倪——隆宗门西发现的一组建筑遗存中,发现的瓷片、瓦片等将地层时代回溯至了元代。
 这一发现在故宫发展史上具有标志性作用,对研究紫禁城元明清三代和北京城中轴线变迁,乃至紫禁城历史及中国古代建筑史均具有极为重要的意义。
  【发现1】
           元代地层验证元皇宫位置
 故宫研究院考古研究所所长李季介绍,地层位于隆宗门以西,经考古发掘确定其层位关系由晚及早分别为:清中期的砖铺地面和砖砌排水沟;明后期的墙、门道基址、铺砖地面、砖砌磉墩和明早期的建筑基槽;最下层的素土夯筑层和夯土铺砖层基槽。
 特别是最下层的这组遗存从层位关系判断为该遗址最早的一组堆积,结合其包含物推断其年代指向为元代,按照考古发掘“就晚不就早”的原则,可将年代定为元代,“里面一个明代的碎片都没有”。李季表示,这一发现在故宫发展史上具有标志性作用,对研究紫禁城元明清三代和北京城中轴线变迁,乃至紫禁城历史及中国古代建筑史均具有极为重要的意义。
  多年来,元大都和元大内(皇宫)的所在一直扑朔迷离,而故宫作为皇家遗存,处于元明清的核心地带,具有唯一性,所以专家一般推断元代皇宫可能在现存紫禁城附近,或是西侧至北海琼岛区域。
 “我们一直在寻找线索”,明代建故宫时曾重做地基,将元代工程基本清除,“活儿干得特别干净”,所以此次发现非常罕见。
 此次考古发现的元代地层,则可以确定元大内就位于此处,剩下的定位则有待未来发现,“就像拼图一样”,李季说,但是能否拼完要看考古成果。
   【发现2】
           慈宁宫花园发掘宫殿建筑遗址
 昨日公布的还有慈宁宫花园东院遗址成果,发掘出了一处保存完好、规模宏大、工艺考究的大型宫殿建筑遗址。
 李季介绍,此处遗址由地钉、桩承台、磉墩、夯土层、夯砖层等遗迹构成,推测其时代为明早期,为研究紫禁城历史和中国古代建筑技术提供了新的资料。
 值得一提的是,首次发现的元代土层也是沿着此处宫殿遗址发掘而得。

 
 
Posted in ᠰᠤᠶᠤᠯ ᠤᠷᠠᠯᠢᠭ |文化信息 and tagged .