《 ᠠᠯᠳᠠᠨ ᠬᠠᠭᠠᠨ ᠪᠠ ᠲᠦᠮᠡᠳ》《阿勒坦汗与土默特》

 
 

《 ᠠᠯᠳᠠᠨ ᠬᠠᠭᠠᠨ ᠪᠠ ᠲᠦᠮᠡᠳ》

《ᠠᠯᠳᠠᠨ ᠬᠠᠭᠠᠨ ᠪᠠ ᠲᠦᠮᠡᠳ》 ᠨᠤᠮ ᠪᠤᠯ ᠤᠯᠤᠰ ᠤᠨ ᠲᠤᠳᠤᠭᠠᠳᠦ ᠭᠠᠳᠠᠭᠠᠳᠦ ᠶᠢᠨ ᠬᠠᠮᠢᠶ᠎ᠠ ᠪᠦᠬᠦᠢ ᠬᠦᠷᠢᠶ᠎ᠡ ᠬᠡᠪᠴᠢᠶᠡᠨ ᠳ᠋ᠤ ᠰᠤᠳᠤᠯᠭᠠᠨ ᠦᠷᠨᠢᠭᠦᠯᠦᠭᠰᠡᠨ ᠡᠴᠠ ᠨᠠᠰᠢᠬᠢ᠂ ᠠᠯᠳᠠᠨ ᠬᠠᠨ ᠪᠠ ᠲᠦᠮᠡᠳ ᠦᠨ ᠲᠤᠬᠠᠢ ᠬᠠᠮᠤᠭ ᠡᠴᠠ ᠪᠦᠬᠦ ᠲᠠᠯ᠎ᠠ ᠶᠢᠨ ᠰᠢᠰᠲ᠋ᠧᠮ ᠲᠠᠢ ᠰᠤᠳᠤᠯᠤᠭᠰᠠᠨ ᠲᠤᠰᠬᠠᠢ ᠪᠦᠳᠦᠭᠡᠯ ᠪᠠᠢᠵᠦ᠂ ᠲᠦᠴᠢ ᠭᠠᠷᠤᠢ ᠲᠦᠮᠡᠨ ᠦᠰᠦᠭ  ᠲᠠᠢ᠂ 360ᠭᠠᠷᠤᠢ ᠵᠢᠷᠤᠭ ᠲᠠᠢ ᠲᠤᠮᠤᠬᠠᠨ ᠪᠦᠳᠦᠭᠡᠯ ᠪᠤᠯᠤᠨ᠎ᠡ᠃ ᠨᠤᠮ  ᠤᠨ ᠬᠢᠳᠡᠳ ᠨᠡᠷ᠎ᠡ  ᠶᠢ ᠪᠦᠬᠦ ᠤᠯᠤᠰ  ᠤᠨ ᠠᠷᠠᠳ  ᠤᠨ ᠲᠦᠯᠦᠭᠡᠯᠡᠭᠴᠢᠳ ᠦᠨ ᠶᠡᠬᠡ ᠬᠤᠷᠠᠯ ᠤᠨ ᠪᠠᠢᠩᠭᠤ ᠶᠢᠨ ᠬᠤᠷᠢᠶᠡᠨ ᠤ ᠤᠤᠯ ᠤᠨ ᠲᠡᠳ᠋ ᠬᠤᠷᠢᠶᠡᠨ ᠲᠠᠷᠤᠭ᠎ᠠ ᠪᠦᠭᠡ ᠪᠢᠴᠢᠨ ᠦᠭᠴᠦ᠂ ᠤᠢᠷ᠎ᠠ ᠳ᠋ᠤ ᠬᠡᠪᠯᠡᠭᠳᠡᠵᠠᠢ᠃

ᠠᠯᠳᠠᠨ ᠬᠠᠭᠠᠨ ᠪᠤᠯ ᠤᠮᠠᠷᠠᠳᠦ ᠶᠤᠧᠠᠨ ᠤᠯᠤᠰ ᠤᠨ ᠦᠶ᠎ᠡ ᠶᠢᠨ ᠪᠠᠷᠠᠭᠤᠨ ᠲᠦᠮᠡᠳ ᠦᠨ ᠬᠠᠭᠠᠨ ᠪᠤᠯᠬᠤ ᠪᠦᠭᠡᠳ ᠮᠤᠩᠭᠤᠯ ᠤᠨ ᠠᠯᠳᠠᠷᠳᠦ ᠤᠯᠤᠰ ᠲᠦᠷᠦᠴᠢᠨ᠂ ᠴᠡᠷᠢᠭ ᠦᠨ ᠤᠬᠠᠭᠠᠨᠳᠠᠨ ᠪᠤᠯᠤᠨ᠎ᠡ᠂ ᠮᠦᠨ ᠴᠦ 16 ᠳ᠋ᠤᠭᠠᠷ ᠵᠠᠭᠤᠨ  ᠤ ᠦᠶ᠎ᠡ ᠶᠢᠨ ᠲᠤᠮᠳᠠᠳᠦ ᠤᠯᠤᠰ ᠤᠨ ᠤᠮᠠᠷᠠᠳᠦ ᠶᠢᠨ ᠲᠡᠦᠬᠡᠨ ᠳ᠋ᠤ ᠴᠢᠬᠤᠯᠠ ᠨᠦᠯᠦᠭᠡ  ᠲᠠᠢ ᠤᠯᠤᠰ ᠲᠦᠷᠦᠴᠢᠨ ᠪᠤᠯᠬᠤ ᠶᠤᠮ᠃ ᠲᠡᠷᠡ ᠬᠦᠬᠡᠬᠤᠳᠠ ᠶᠢ ᠪᠠᠢᠭᠤᠯᠤᠭᠰᠠᠨ ᠪᠦᠭᠡᠳ ᠭᠤᠪᠢ  ᠶᠢᠨ ᠡᠮᠦᠨᠡᠬᠢ ᠮᠤᠩᠭᠤᠯ ᠪᠠ ᠮᠢᠩ ᠤᠯᠤᠰ  ᠤᠨ ᠬᠤᠭᠤᠷᠤᠨᠳᠡᠬᠢ 200 ᠭᠠᠷᠤᠢ ᠵᠢᠯ ᠤᠨ ᠲᠠᠢᠨ ᠢ ᠡᠴᠦᠰᠯᠡᠭᠦᠯᠵᠦ᠂ ᠬᠠᠭᠠᠰ ᠵᠠᠭᠤᠨ ᠰᠢᠬᠠᠮ ᠤᠨ ᠡᠶ᠎ᠡ ᠨᠡᠢᠷᠡᠮᠳᠡᠯ  ᠤᠨ ᠴᠠᠭ ᠦᠶ᠎ᠡ ᠶᠢ ᠪᠤᠢ ᠪᠤᠯᠭᠠᠵᠠᠢ᠃ ᠠᠯᠳᠠᠨ ᠬᠠᠭᠠᠨ ᠲᠡᠷᠢᠶᠡᠯᠡᠩ ᠦᠢᠯᠡᠳᠪᠦᠷᠢᠯᠡᠯ ᠢ ᠬᠦᠭᠵᠢᠭᠦᠯᠦᠨ᠂ ᠬᠤᠳᠠ ᠰᠠᠭᠤᠷᠢᠨ ᠪᠠᠢᠭᠤᠯᠵᠦ᠂ ᠰᠠᠭᠤᠷᠢᠰᠢᠯ ᠢ ᠤᠷᠢᠶᠡᠯᠡᠨ᠂ ᠲᠦᠪᠡᠳ ᠡᠴᠠ ᠤᠯᠠᠮᠵᠢᠯᠠᠭᠰᠠᠨ ᠱᠠᠰᠢᠨ  ᠢ ᠲᠡᠯᠭᠡᠷᠡᠭᠦᠯᠵᠦ᠂ ᠮᠤᠩᠭᠤᠯ ᠦᠨᠳᠦᠰᠦᠳᠡᠨ ᠦ ᠬᠦᠭᠵᠢᠯᠲᠡ ᠶᠢᠨ ᠲᠡᠦᠬᠡᠨ ᠳ᠋ᠤ ᠦᠷᠭᠡᠨ ᠲᠡᠯᠭᠡᠷ᠂ ᠠᠯᠤᠰ ᠬᠡᠳᠦ ᠶᠢᠨ ᠨᠦᠯᠦᠭᠡ ᠭᠠᠷᠭᠠᠭᠰᠠᠨ ᠶᠤᠮ᠃ ᠶᠠᠭ ᠡᠢᠮᠦ ᠡᠴᠠ ᠠᠯᠳᠠᠨ ᠬᠠᠭᠠᠨ ᠤ ᠲᠤᠬᠠᠢ ᠰᠤᠳᠤᠯᠤᠯ ᠨᠢ ᠤᠢᠷ᠎ᠠ ᠶᠢᠨ ᠵᠢᠯ ᠤᠳ ᠲᠣ ᠤᠯᠤᠰ ᠤᠨ ᠲᠤᠳᠤᠭᠠᠳᠦ ᠭᠠᠳᠠᠭᠠᠳᠦ ᠶᠢᠨ ᠮᠠᠰᠢ ᠤᠯᠠᠨ ᠡᠷᠳᠡᠮᠳᠡᠨ ᠰᠤᠳᠤᠯᠤᠭᠴᠢᠳ ᠤᠨ ᠰᠤᠳᠤᠯᠭᠠᠨ ᠤ ᠰᠡᠳᠦᠪ ᠪᠤᠯᠤᠭᠰᠠᠭᠠᠷ ᠢᠷᠡᠪᠡ᠃

ᠲᠤᠰ ᠨᠤᠮ ᠢ ᠪᠢᠴᠢᠬᠦ ᠶᠢᠨ ᠲᠤᠯᠲᠠ᠂ ᠵᠤᠬᠢᠶᠠᠭᠴᠢ ᠶᠡᠬᠡ ᠬᠡᠮᠵᠢᠶᠡᠨ ᠦ ᠲᠡᠦᠬᠡᠨ ᠮᠠᠲ᠋ᠧᠷᠢᠶᠡᠯ  ᠢ ᠰᠤᠳᠤᠯᠤᠨ᠂ 5ᠲᠦᠮᠡ ᠭᠠᠷᠤᠢ ᠭᠠᠵᠠᠷ ᠠᠶᠠᠯᠠᠨ ᠲᠤᠬᠠᠢ ᠶᠢᠨ ᠭᠠᠵᠠᠷ ᠲᠣ ᠪᠠᠢᠴᠠᠭᠠᠯᠳᠠ ᠬᠢᠵᠦ᠂ 4000 ᠭᠠᠷᠤᠢ ᠬᠤᠪᠢ ᠭᠡᠷᠡᠯ ᠵᠢᠷᠤᠭ ᠲᠡᠳᠡᠵᠦ᠂ ᠠᠯᠳᠠᠨ ᠬᠠᠭᠠᠨ ᠪᠠ ᠲᠦᠮᠡᠳ ᠦᠨ ᠴᠢᠬᠤᠯᠠ ᠶᠡᠬᠡ ᠲᠡᠦᠬᠡᠨ ᠬᠡᠷᠡᠭ ᠶᠠᠪᠤᠳᠠᠯ ᠢ ᠪᠦᠬᠦ ᠲᠠᠯ᠎ᠠ ᠪᠠᠷ ᠰᠢᠰᠲ᠋ᠧᠮ ᠲᠠᠢ  ᠪᠡᠷ ᠦᠭᠦᠯᠡᠵᠡᠢ᠃ ᠤᠷᠢᠳᠡᠬᠢ ᠬᠦᠮᠦᠰ ᠦᠨ ᠰᠤᠳᠤᠯᠭᠠᠨ ᠢ ᠬᠢᠨᠠᠮᠠᠭᠠᠢ ᠤᠩᠰᠢᠭᠰᠠᠨ ᠰᠠᠭᠤᠷᠢᠨ ᠲᠡᠭᠡᠷ᠎ᠡ᠂ ᠦᠪᠡᠷ ᠦᠨ ᠰᠤᠳᠤᠯᠭᠠᠨ ᠪᠠ ᠪᠤᠳᠠᠳᠦ ᠪᠠᠢᠴᠠᠭᠠᠯᠳᠠ ᠳ᠋ᠤ ᠦᠨᠳᠦᠰᠦᠯᠡᠵᠦ᠂ ᠲᠡᠦᠬᠡ ᠰᠤᠳᠤᠯᠤᠯ  ᠤᠨ ᠬᠦᠷᠢᠶ᠎ᠡ ᠬᠡᠪᠴᠢᠶᠡᠨ ᠳ᠋ᠤ ᠤᠳᠠᠭᠠᠨ ᠵᠢᠯ ᠮᠠᠷᠭᠤᠯᠳᠤᠵᠦ ᠢᠷᠡᠭᠰᠡᠨ 《ᠲᠦᠮᠡᠳ》 ᠤᠨ ᠢᠷᠡᠯᠳᠡ ᠪᠤᠯ ᠠᠯᠳᠠᠨ ᠬᠠᠭᠠᠨ ᠤ 《ᠠᠷᠪᠠᠨ ᠬᠤᠶᠠᠷ ᠲᠦᠮᠡᠳ》 ᠪᠦᠷᠢᠯᠳᠦᠭᠰᠡᠨ  ᠦ ᠲᠠᠷᠠᠭᠠᠬᠢ ᠠᠢᠮᠠᠭ ᠪᠦᠯᠦᠭ ᠦᠨ ᠨᠡᠷᠡᠢᠳᠦᠯ ᠪᠤᠯᠤᠨ᠎ᠡ᠂ 《ᠲᠦᠮᠡᠳᠦ  ᠶᠢᠨ ᠡᠷᠦᠬᠡ 》᠂ 《ᠤᠯᠤᠰ ᠭᠡᠷ 》᠂ 《ᠨᠤᠳᠤᠭ ᠲᠠᠪᠢᠰᠭᠡᠷ 》 ᠵᠡᠷᠭᠡ ᠤᠯᠠᠨ ᠤᠳᠬ᠎ᠠ ᠲᠠᠢ᠂ ᠵᠦᠪᠬᠡᠨ ᠠᠢᠮᠠᠭ ᠪᠦᠯᠦᠭ ᠦᠨ ᠨᠡᠷᠡᠢᠳᠦᠯ ᠲᠡᠳᠤᠢ ᠪᠢᠰᠢ ᠭᠡᠵᠦ ᠲᠤᠷᠠᠳᠴᠠᠢ᠃ ᠪᠠᠰᠠ ᠠᠷᠪᠠᠨ ᠬᠤᠶᠠᠷ ᠲᠦᠮᠡᠳ ᠦᠨ ᠭᠤᠤᠯ ᠴᠢᠬᠤᠯᠠ ᠠᠢᠮᠠᠭ ᠪᠦᠯᠦᠭ — ᠮᠤᠩᠭᠤᠯᠵᠢᠨ ᠤ ᠢᠷᠡᠯᠳᠡ ᠪᠠ ᠬᠦᠭᠵᠢᠯᠳᠡ ᠶᠢ ᠪᠦᠬᠦ ᠲᠠᠯ᠎ᠠ ᠪᠠᠷ ᠦᠭᠦᠯᠡᠭᠰᠡᠨ ᠪᠠᠢᠨ᠎ᠡ᠃
ᠵᠤᠬᠢᠶᠠᠭᠴᠢ ᠵᠠᠩ ᠵᠢᠢ ᠯᠦᠩ ᠲᠡᠦᠬᠡᠨ ᠳ᠋ᠤ ᠬᠠᠷᠢᠭᠤᠴᠠᠬᠤ ᠤᠪᠤᠷ  ᠢᠶᠠᠷ ᠨᠢᠭᠡ ᠪᠦᠯᠦᠭ ᠨᠡᠷᠡᠲᠦ ᠪᠦᠳᠦᠭᠡᠯ ᠳ᠋ᠤ ᠤᠷᠤᠰᠢᠵᠦ ᠪᠠᠢᠬᠤ ᠠᠯᠳᠠᠭ᠎ᠠ ᠪᠤᠷᠤᠭᠤ ᠶᠢ ᠵᠠᠯᠠᠷᠠᠭᠤᠯᠤᠭᠰᠠᠨ ᠪᠦᠭᠡᠳ ᠤᠮᠠᠷᠠᠳᠦ ᠶᠤᠧᠠᠨ ᠤᠯᠤᠰ ᠤᠨ ᠦᠶ᠎ᠡ ᠳ᠋ᠡᠬᠢ ᠲᠦᠮᠡᠳ ᠤᠨ ᠦᠨᠠᠨ ᠪᠤᠳᠠᠳᠠᠢ ᠤᠯᠤᠰ ᠲᠦᠷᠦ ᠨᠡᠢᠭᠡᠮ ᠠᠮᠢᠳᠤᠷᠠᠯ ᠢ ᠲᠤᠰᠬᠠᠵᠦ᠂ ᠲᠦᠮᠡᠳ ᠦᠨ ᠲᠡᠦᠬᠡ ᠶᠢ ᠬᠦᠨᠵᠡᠭᠡᠢ ᠰᠤᠳᠤᠯᠬᠤ ᠳ᠋ᠤ ᠨᠠᠷᠢᠯᠢᠭ ᠮᠠᠲ᠋ᠧᠷᠢᠶᠡᠯ ᠪᠠ ᠲᠤᠯᠢᠯᠠᠭᠤᠰᠢᠲᠠᠢ ᠵᠥᠢᠯ ᠢ ᠬᠠᠩᠭᠠᠵᠦ ᠦᠭᠭᠦᠭᠰᠡᠨ ᠪᠠᠢᠨ᠎ᠡ᠃

ᠠᠷᠠᠳ ᠤᠨ ᠰᠦᠯᠵᠢᠶ᠎ᠡ

 
 

《阿勒坦汗与土默特》

《阿勒坦汗与土默特》是国内外开展相关领域研究以来,最为全面系统研究阿拉坦汗和土默特的专著,全书共40余万字,照片360多幅。该书由全国人大常委会原副委员长布赫题写汉文书名,已于近日出版发行。

阿勒坦汗是北元时期蒙古右翼和土默特部的首领,蒙古社会著名的政治家、军事家,16世纪中国北方历史上具有重大影响的政治人物,呼和浩特的建城人,他结束了蒙古右翼与明朝之间200余年的战争,开创了北元时期蒙古右翼与明朝之间半个多世纪的和平局面。他开发农业,修建城市,倡导定居,引进藏传佛教,对蒙古民族的发展史有着广泛和深远的影响。也正因为如此,阿勒坦汗成为近代以来国内外众多专家学者的研究对象。

为撰写此书,作者大量研究各种史料,行程5万多公里实地考察,拍摄照片4000余幅。本书全面系统地叙述了阿勒坦汗和土默特的重大历史事件。本着去伪存真、扶正历史的精神,作者认真研读了前人的研究成果,并根据自己的研究和实地考证,提出了史学界长期争论的“土默特”来源,是阿勒坦汗的“十二土默”形成后的部落集团称呼,表示“万户”“国家”“领地”很多意思,并不是单独的部落称呼,全面叙述了十二土默特部中的核心重要部落——蒙郭勒津部的来源和发展变化。

根据《清实录》的记载,作者首次在史学界提出了清代的东土默特左右两旗,也就是今辽宁阜新、北票、朝阳地区的土默特人,为1632年后金到呼和浩特地区征伐林丹汗时土默特各部10万人被强迫东迁,后与1629年归降后金的土默特兀良哈部组成东土默特左右旗的悲壮历史。并根据今辽宁阜新、北票、朝阳地区的蒙古部落名称形成的姓氏,分析出了迁到阜新、北票、朝阳地区的土默特部落组成。该书还收集整理呼和浩特地区蒙古姓氏70多个,阜新、北票、朝阳地区土默特人蒙古姓氏100多个。

在藏传佛教传入方面,根据明朝史籍记载,作者提出了最早到阿勒坦汗身边传教的是哈望喷尔剌,而非阿兴喇嘛,提出了阿勒坦汗最早信奉的藏传佛教并不是格鲁派。根据《四世达赖喇嘛传》和《蒙古源流》的记载,以及美岱召明代护法庙壁画以及万佛殿等情况,作者提出了明代来到土默特任蒙古教主的迈达里活佛,是当时蒙古汗廷察哈尔部信奉藏传佛教宁玛派的宁玛派僧人,而并不是格鲁派僧人。这也解开了明代来到蒙古地区任藏传佛教教主的迈达里活佛没有在大召驻锡而在美岱召驻锡的谜团。

本书作者本着对历史负责的态度,订正了一些著作中存在的谬误,还原了北元时期土默特蒙古部真实的社会政治生活,对北元时期的土默特蒙古史起到了正本清源的作用,同时也为土默特蒙古史的深入研究提供了详实的资料和可鉴的经验。

 
Posted in ᠨᠤᠮ ᠳ᠋ᠤ ᠮᠦᠷᠭᠦᠶ᠎ᠡ |好书推荐 and tagged .