《ᠠᠶᠠᠯᠭᠤ ᠤᠶᠠᠩᠭᠠᠯᠠᠭᠰᠠᠨ ᠵᠠᠮ ·ᠠᠨᠳᠠ ᠨᠦᠬᠦᠷᠯᠡᠯ ᠤᠨ ᠠᠶᠢᠵᠠᠮ》ᠳᠤᠮᠳᠠᠳᠤ ···“琴声带路 奏响友谊”中蒙民族爵士音乐会唱响青城

 

《ᠠᠶᠠᠯᠭᠤ ᠤᠶᠠᠩᠭᠠᠯᠠᠭᠰᠠᠨ ᠵᠠᠮ ·ᠠᠨᠳᠠ ᠨᠦᠬᠦᠷᠯᠡᠯ ᠤᠨ ᠠᠶᠢᠵᠠᠮ》ᠳᠤᠮᠳᠠᠳᠤ ᠮᠤᠩᠭᠤᠯ ᠤᠨ ᠨᠦᠢᠬᠦᠷᠰᠡᠭ ᠬᠠᠮᠳᠤᠷᠠᠯᠴᠠᠭᠠᠨ ᠤ ᠲᠤᠭᠯᠠᠯᠳᠠ ᠶᠠᠪᠤᠭᠳᠠᠪᠠ

4 ᠰᠠᠷ᠎ᠠ ᠶᠢᠨ 16᠂ 17 ᠤ ᠤᠷᠤᠢ᠂ ᠦᠪᠦᠷ ᠮᠤᠩᠭᠤᠯ ᠤᠨ ᠦᠨᠳᠦᠰᠦᠲᠡᠨ ᠤ ᠤᠷᠠᠯᠢᠭ ᠵᠦᠴᠦᠭᠡ ᠶᠢᠨ ᠬᠦᠷᠢᠶᠡᠯᠡᠩ ᠠᠴᠠ ᠭᠤᠤᠯᠯᠠᠨ ᠡᠷᠬᠢᠯᠡᠭᠰᠡᠨ 《ᠠᠶᠠᠯᠭᠤ ᠤᠶᠠᠩᠭᠠᠯᠠᠭᠰᠠᠨ ᠵᠠᠮ · ᠠᠨᠳᠠ ᠨᠦᠬᠦᠷᠯᠡᠯ ᠤᠨ ᠠᠶᠢᠵᠠᠮ》 ᠳᠤᠮᠳᠠᠳᠤ ᠮᠤᠩᠭᠤᠯ ᠤᠨ ᠨᠦᠢᠬᠦᠷᠰᠡᠭ ᠬᠠᠮᠳᠤᠷᠠᠯᠴᠠᠭᠠᠨ ᠤ ᠦᠨᠳᠦᠰᠦᠳᠡᠨ ᠤ ᠭᠡᠷᠭᠡᠮᠳᠡᠨ ᠤ ᠲᠠᠭᠤᠤ ᠬᠦᠭᠵᠢᠮ ᠤᠨ ᠲᠤᠭᠯᠠᠯᠳᠠ ᠶᠠᠪᠤᠭᠳᠠᠪᠠ᠃

ᠤᠳᠤᠬᠠᠨ ᠳᠤ᠂ ᠳᠤᠮᠳᠠᠳᠤ ᠤᠯᠤᠰ ᠪᠠ ᠮᠤᠩᠭᠤᠯ ᠤᠯᠤᠰ ᠤᠨ ᠭᠠᠳᠠᠭᠠᠳᠤ ᠬᠠᠷᠢᠯᠴᠠᠭ᠎ᠠ ᠤᠯᠠᠮ ᠨᠢᠭᠳᠠ ᠪᠤᠯᠵᠤ᠂ ᠳᠤᠮᠳᠠᠳᠤ ᠤᠯᠤᠰ ᠤᠨ 《ᠨᠢᠭᠡ ᠪᠦᠰᠡ ᠨᠢᠭᠡ ᠵᠠᠮ》ᠭᠦᠭᠵᠢᠯᠳᠡ ᠶᠢᠨ ᠲᠦᠯᠦᠪᠵᠢᠭᠦᠯᠭᠡ ᠬᠢᠬᠡᠳ ᠮᠤᠩᠭᠤᠯ ᠤᠯᠤᠰ ᠤᠨ 《 ᠳᠠᠯ᠎ᠠ ᠶᠢᠨ ᠵᠠᠮ》 ᠭᠦᠭᠵᠢᠯᠳᠡ ᠶᠢᠨ ᠲᠦᠯᠦᠪᠵᠢᠭᠦᠯᠭᠡ ᠨᠢ ᠨᠡᠯᠢᠶᠡᠳ ᠠᠷᠪᠢᠨ ᠨᠡᠶᠢᠳᠡᠯᠢᠭ ᠳᠠᠯ᠎ᠠ ᠲᠠᠢ ᠪᠠᠶᠢᠵᠤ᠂ ᠳᠤᠮᠳᠠᠳᠤ ᠮᠤᠩᠭᠤᠯ ᠬᠤᠶᠠᠷ ᠤᠯᠤᠰ ᠤᠨ ᠰᠤᠶᠤᠯ ᠤᠷᠠᠯᠢᠭ ᠤᠨ ᠰᠤᠯᠢᠯᠴᠠᠭ᠎ᠠ ᠬᠠᠮᠵᠢᠯᠴᠠᠭ᠎ᠠ ᠳᠤ ᠪᠠᠳᠦ ᠪᠠᠬᠢ ᠰᠠᠭᠤᠷᠢ ᠳᠠᠯᠪᠢᠵᠤ ᠦᠭᠴᠠᠢ᠃

ᠳᠤᠮᠳᠠᠳᠤ ᠤᠯᠤᠰ ᠤᠨ ᠦᠪᠦᠷ ᠮᠤᠩᠭᠤᠯ ᠤᠨ ᠦᠨᠳᠦᠰᠦᠲᠡᠨ ᠤ ᠤᠷᠠᠯᠢᠭ ᠵᠦᠴᠦᠭᠡ ᠶᠢᠨ ᠬᠦᠷᠢᠶᠡᠯᠡᠩ ᠬᠢᠬᠡᠳ ᠮᠤᠩᠭᠤᠯ ᠤᠯᠤᠰ ᠤᠨ ᠤᠯᠤᠰ  ᠤᠨ ᠳᠠᠭᠤᠤ ᠬᠦᠭᠵᠢᠮ ᠤᠨ ᠬᠦᠷᠢᠶᠡᠯᠡᠩ ᠨᠢ ᠨᠦᠬᠦᠷᠰᠡᠭ ᠬᠠᠷᠢᠴᠠᠭ᠎ᠠ ᠪᠠᠶᠢᠭᠤᠯᠵᠤ᠂ ᠬᠠᠮᠳᠤᠪᠠᠷ ᠬᠦᠭᠵᠢᠬᠦ ᠶᠢ ᠵᠤᠷᠢᠵᠤ᠂ ᠰᠤᠶᠤᠯ ᠤᠷᠠᠯᠢᠭ ᠤᠨ ᠰᠤᠯᠢᠯᠴᠠᠭ᠎ᠠ ᠶᠢ ᠦᠷᠭᠡᠨ ᠳᠡᠯᠭᠡᠷ ᠦᠷᠨᠢᠭᠦᠯᠬᠦ ᠬᠠᠮᠵᠢᠯᠴᠠᠭ᠎ᠠ ᠳᠤᠭᠳᠠᠭᠰᠠᠨ ᠪᠠᠶᠢᠨ᠎ᠠ᠃

ᠡᠨᠡ ᠤᠳᠠᠭᠠᠨ ᠤ ᠳᠤᠭᠯᠠᠯᠳᠠ ᠨᠢ 2015 ᠣᠨ ᠤ ᠳᠤᠮᠳᠠᠳᠤ ᠮᠤᠩᠭᠤᠯ ᠬᠤᠶᠠᠷ ᠤᠯᠤᠰ ᠤᠨ ᠰᠤᠶᠤᠯ ᠤᠨ ᠦᠵᠡᠰᠭᠦᠯᠡᠩ ᠤᠨ ᠳᠠᠷᠠᠭᠠᠬᠢ ᠪᠠᠰᠠ ᠨᠢᠭᠡᠨ ᠠᠮᠵᠢᠯᠳᠠ ᠲᠠᠢ ᠠᠵᠢᠯᠯᠠᠭ᠎ᠠ ᠪᠤᠯᠬᠤ ᠶᠤᠮ᠃

 
 

“琴声带路 奏响友谊”中蒙民族爵士音乐会唱响青城

人民网呼和浩特4月17日电 4月16日晚,由内蒙古民族艺术剧院主办、该院民乐团承办、演出中心协办的《琴声带路·奏响友谊》中蒙友好合作民族爵士音乐会在内蒙古民族艺术剧院音乐厅隆重上演。音乐会上,内蒙古民族艺术剧院民族管弦乐团与蒙古国音乐院巴音蒙古乐爵士乐团共同演奏了16首曲目,民乐的清新婉转与爵士乐的自由洒脱在呼和浩特碰撞出绚丽的艺术火花。

此次音乐会突破了传统音乐风格,大量融合了蒙古国特有的现代音乐元素及内蒙古民族音乐元素,爵士与民族音乐相结合特点鲜明。演出现场不仅有两国“国家级”演奏家为观众献艺,许多新作品更是在内蒙古自治区首演。

据悉,参演音乐会的内蒙古民族艺术剧院民乐团是当今国内唯一一支以蒙古族传统乐器为声部的,具有浓郁民族特色的多声部专业民族管弦乐团。而成立于1969年的蒙古国音乐院巴音蒙古乐爵士乐团则在多个爵士乐艺术节中屡获金奖,为蒙古国培养了多位著名的歌唱家、演奏家和指挥家。(陈立庚)

 
 
 
Posted in ᠰᠤᠶᠤᠯ ᠤᠷᠠᠯᠢᠭ |文化信息 and tagged .