ᠶᠠᠫᠤᠨ ᠳ᠋ᠤ ᠶᠠᠭᠠᠬᠢᠭᠠᠳ ᠭᠠᠵᠠᠷ ᠬᠦᠳᠡᠯᠦᠯᠲᠡ ᠦᠷᠭᠦᠯᠵᠢᠯᠡᠭᠡᠳ ᠪᠠᠶᠢᠳᠠᠭ ᠪᠤᠢ 日本缘何频发地震

 
 

ᠶᠠᠫᠤᠨ ᠳ᠋ᠤ ᠶᠠᠭᠠᠬᠢᠭᠠᠳ ᠭᠠᠵᠠᠷ ᠬᠦᠳᠡᠯᠦᠯᠲᠡ ᠦᠷᠭᠦᠯᠵᠢᠯᠡᠭᠡᠳ ᠪᠠᠶᠢᠳᠠᠭ ᠪᠤᠢ

ᠠᠮᠸᠷᠢᠺᠠ ᠶᠢᠨ ᠰᠤᠨᠢᠷᠬᠠᠯᠲᠠᠢ ᠰᠢᠨᠵᠢᠯᠡᠭᠡ ᠮᠡᠷᠭᠡᠵᠢᠯ  ᠤᠨ ᠨᠸᠲ ᠂ 4 ᠰᠠᠷ᠎ᠠ ᠶᠢᠨ 15 ᠡᠳᠦᠷ᠂ ᠴᠤᠬᠤᠮ ᠶᠠᠮᠠᠷ ᠰᠢᠯᠲᠠᠭᠠᠨ ᠡᠴᠡ ᠪᠤᠯᠤᠭᠠᠳ ᠶᠠᠫᠤᠨ ᠳ᠋ᠤ ᠭᠠᠵᠠᠷ ᠬᠦᠳᠡᠯᠦᠯᠲᠡ ᠦᠷᠭᠦᠯᠵᠢᠯᠡᠭᠡᠳ ᠪᠠᠶᠢᠳᠠᠭ ᠪᠤᠢ ?

ᠡᠩ ᠲᠡᠷᠢᠬᠦᠨ ᠳ᠋ᠤ᠂ ᠶᠠᠫᠤᠨ  ᠤ ᠭᠠᠵᠠᠷ ᠵᠦᠢ ᠶᠢᠨ ᠪᠠᠶᠢᠷᠢᠰᠢᠯ ᠨᠢ 《ᠨᠤᠮᠤᠬᠠᠨ ᠳᠠᠯᠠᠢ ᠶᠢ ᠲᠤᠭᠤᠷᠢᠭᠰᠠᠨ ᠭᠠᠵᠠᠷ ᠬᠦᠳᠡᠯᠦᠯᠲᠡ ᠶᠢᠨ ᠪᠦᠰᠡ》ᠳ᠋ᠤ ᠪᠠᠭᠳᠠᠭᠠᠭᠳᠠᠨ᠎ᠠ᠃ᠲᠤᠰ ᠭᠠᠵᠠᠷ ᠪᠤᠯ ᠳᠡᠯᠡᠬᠡᠢ ᠳᠡᠭᠡᠷᠡᠬᠢ ᠭᠠᠵᠠᠷ ᠬᠦᠳᠡᠯᠦᠯᠲᠡ ᠬᠠᠮᠤᠭ  ᠤᠨ ᠦᠷᠨᠢᠩᠬᠦᠢ ᠤᠷᠤᠨ ᠪᠤᠯᠤᠨ᠎ᠠ᠃ ᠡᠨᠡᠬᠦ ᠭᠠᠵᠠᠷ ᠬᠦᠳᠡᠯᠦᠯᠲᠡ ᠶᠢᠨ ᠴᠠᠭᠠᠷᠢᠭ ᠨᠢ ᠶᠠᠭ ᠮᠤᠷᠢᠨ ᠤ ᠲᠤᠭᠤᠷᠠᠢ ᠬᠡᠯᠪᠡᠷᠢᠲᠡᠢ ᠪᠠᠶᠢᠷᠢᠰᠢᠵᠦ᠂ ᠳᠡᠯᠡᠬᠡᠢ ᠶᠢᠨ ᠤᠯᠠᠩᠬᠢ ᠭᠠᠵᠠᠷ ᠬᠦᠳᠡᠯᠦᠯᠲᠡ ᠭᠠᠯᠲᠤ ᠠᠭᠤᠯᠠ ᠶᠢᠨ ᠳᠡᠯᠪᠡᠷᠡᠯᠲᠡ ᠪᠦᠷ ᠡᠨᠡᠬᠦ ᠭᠠᠯᠲᠤ ᠠᠭᠤᠯᠠ ᠶᠢᠨ ᠪᠦᠰᠡ ᠳ᠋ᠤ ᠡᠭᠦᠰᠳᠡᠭ᠃

《ᠨᠤᠮᠤᠬᠠᠨ ᠳᠠᠯᠠᠢ ᠶᠢ ᠲᠤᠭᠤᠷᠢᠭᠰᠠᠨ ᠭᠠᠵᠠᠷ ᠬᠦᠳᠡᠯᠦᠯᠲᠡ ᠶᠢᠨ ᠪᠦᠰᠡ》ᠨᠢ ᠬᠡᠳᠦᠨ ᠬᠠᠪᠲᠠᠭᠠᠢ ᠬᠡᠰᠡᠭ  ᠢᠶᠡᠷ ᠪᠦᠷᠢᠯᠳᠦᠭᠰᠡᠨ ᠪᠠᠶᠢᠳᠠᠭ᠃ ᠡᠬᠦᠨ ᠳ᠋ᠤ ᠭᠤᠤᠯᠳᠠᠭᠤ ᠨᠤᠮᠤᠬᠠᠨ ᠳᠠᠯᠠᠢ ᠶᠢᠨ ᠬᠠᠪᠲᠠᠭᠠᠢ ᠬᠡᠰᠡᠭ ᠪᠡ ᠹᠢᠯᠢᠫᠢᠨ ᠲᠡᠩᠬᠢᠰ ᠤᠨ ᠬᠠᠪᠲᠠᠭᠠᠢ ᠬᠡᠰᠡᠭ ᠤᠨ ᠬᠠᠷᠢᠯᠴᠠᠨ ᠰᠢᠬᠠᠯᠴᠠᠯ ᠪᠤᠯᠤᠨ ᠮᠦᠷᠭᠦᠯᠳᠦᠯ ᠡᠴᠡ ᠪᠦᠷᠢᠯᠳᠦᠭᠰᠡᠨ ᠪᠠᠶᠢᠳᠠᠭ᠃

ᠠᠮᠸᠷᠢᠺᠠ ᠶᠢᠨ ᠭ᠍᠍ᠸᠯᠤᠬᠢ ᠶᠢᠨ ᠬᠠᠶᠢᠨ ᠰᠢᠨᠵᠢᠯᠡᠯᠲᠡ ᠶᠢᠨ ᠲᠤᠪᠴᠢᠶ᠎ᠠ ᠶᠢᠨ ᠳᠡᠯᠡᠬᠡᠢ ᠶᠢᠨ ᠪᠦᠮᠪᠦᠷᠴᠡᠭ ᠤᠨ ᠹᠢᠽᠢᠺ  ᠤᠨ ᠤᠬᠠᠭᠠᠨᠲᠠᠨ ᠭ᠍ᠸᠯᠠᠰ ᠬᠡᠶᠢᠸᠧᠨ ᠄《ᠳᠡᠯᠡᠬᠡᠢ ᠶᠢᠨ ᠪᠦᠮᠪᠦᠷᠴᠡᠭ ᠤᠨ ᠭᠠᠳᠠᠷᠭᠤ ᠨᠢ ᠪᠠᠷᠤᠭᠴᠠᠭᠠᠯᠠᠯ ᠢᠶᠡᠷ 12 ᠬᠠᠪᠲᠠᠭᠠᠢ ᠬᠡᠰᠡᠭ ᠢᠶᠡᠷ ᠪᠦᠷᠢᠯᠳᠦᠵᠦ᠂ ᠳᠡᠳᠡᠭᠡᠷ ᠨᠢ ᠬᠦᠳᠡᠯᠦᠨ ᠨᠡᠬᠦᠳᠡᠯᠯᠡᠵᠦ ᠪᠠᠶᠢᠳᠠᠭ᠃ ᠬᠠᠪᠲᠠᠭᠠᠢ ᠬᠡᠰᠡᠭ ᠨᠢ ᠬᠦᠪᠡᠭᠡ ᠵᠠᠬ᠎ᠠ ᠪᠡᠷ  ᠢᠶᠡᠨ ᠮᠦᠷᠬᠦᠯᠳᠦᠬᠦ ᠦᠶᠡᠰ ᠮᠠᠰᠢ ᠤᠯᠠᠨ ᠭᠡᠷᠡᠭ ᠤᠴᠢᠷ  ᠤᠳ ᠡᠬᠦᠰᠳᠡᠭ ᠪᠠᠶᠢᠨ᠎ᠠ》ᠭᠡᠵᠡᠢ᠃

ᠲᠤᠰ ᠲᠤᠪᠴᠢᠶ᠎ᠠ ᠶᠢᠨ ᠰᠢᠨᠵᠢᠯᠡᠬᠦ ᠤᠬᠠᠭᠠᠨᠲᠠᠨ ᠺᠠᠯᠦ᠋ᠰ ᠤᠨ ᠬᠡᠯᠡᠭᠰᠡᠨ ᠢᠶᠡᠷ᠂ 15  ᠤ ᠡᠳᠦᠷ ᠤᠨ ᠡᠬᠦᠰᠦᠭᠰᠡᠨ ᠭᠠᠵᠠᠷ ᠬᠦᠳᠡᠯᠦᠯᠲᠡ ᠪᠤᠯ ᠹᠢᠯᠢᠫᠢᠨ ᠲᠠᠩᠬᠢᠰ ᠤᠨ ᠬᠠᠪᠲᠠᠭᠠᠢ ᠬᠡᠰᠡᠭ ᠠᠽᠢᠶ᠎ᠠ ᠡᠸᠦ᠋ᠷᠦᠫᠡ ᠶᠢᠨ ᠬᠠᠪᠲᠠᠭᠠᠢ ᠬᠡᠰᠡᠭ  ᠤᠨ ᠳᠤᠤᠷᠠᠳᠤ ᠬᠡᠰᠡᠭ ᠢ ᠳᠦᠷᠢᠨ ᠮᠦᠷᠭᠦᠭ᠍ᠰᠡᠨ ᠡᠴᠡ ᠪᠤᠯᠵᠡᠢ᠃ ᠭᠠᠵᠠᠷ ᠬᠦᠳᠡᠯᠦᠯᠲᠡ ᠪᠤᠯᠭᠠᠨ ᠨᠢ ᠳᠠᠯᠠᠢ ᠶᠢᠨ ᠢᠰᠭᠡᠷᠤᠯᠲᠡ ᠶᠢ ᠪᠤᠢ ᠪᠤᠯᠭᠠᠳᠠᠭ ᠪᠢᠰᠢ᠂ ᠳᠡᠰ ᠨᠢ ᠦᠨᠳᠦᠷ᠂ ᠳᠡᠯᠡᠢ ᠶᠢᠨ ᠳᠤᠤᠷᠠᠬᠢ ᠭᠠᠵᠠᠷ ᠬᠦᠳᠡᠯᠦᠯᠲᠡ᠂ ᠬᠦᠳᠡᠯᠦᠯᠲᠡ ᠶᠢᠨ ᠭᠤᠯᠤᠮᠲᠠ ᠨᠢ ᠬᠦᠢᠭᠡᠨ ᠵᠡᠷᠭᠡ ᠨᠦᠬᠦᠴᠡᠯ ᠡᠴᠡ ᠡᠭᠦᠰᠳᠡᠭ ᠭᠡᠰᠡᠨ ᠪᠠᠶᠢᠨ᠎ᠠ᠃

ᠶᠠᠫᠤᠨ  ᠤ 《ᠡᠷᠲᠡ ᠶᠢᠨ ᠰᠤᠨᠢᠨ》4 ᠰᠠᠷ᠎ᠠ ᠶᠢᠨ 17  ᠤ ᠡᠳᠦᠷ ᠮᠡᠳᠡᠭᠡᠯᠡᠭᠰᠡᠨ ᠨᠢ ᠂ ᠶᠠᠫᠤᠨ  ᠤ ᠲᠤᠰ ᠤᠳᠠᠭᠠ ᠤ ᠭᠠᠵᠠᠷ ᠬᠦᠳᠡᠯᠦᠯᠲᠡ ᠨᠢ ᠠᠵᠢᠯᠯᠠᠭ᠎ᠠ ᠲᠠᠢ ᠪᠦᠰᠡ  ᠳᠤ ᠡᠬᠦᠰᠦᠭᠰᠡᠨ ᠪᠠᠶᠢᠳᠠᠭ᠃ ᠠᠵᠢᠯᠯᠠᠭ᠎ᠠ ᠲᠠᠢ ᠪᠦᠰᠡ ᠭᠡᠳᠡᠭ ᠨᠢ ᠤᠤᠯ ᠨᠢ ᠭᠠᠵᠠᠷ ᠬᠦᠳᠡᠯᠵᠦ ᠦᠩᠭᠡᠷᠡᠭᠰᠡᠨ᠂ ᠢᠷᠡᠭᠡᠳᠦᠢ ᠳ᠋ᠤ ᠭᠠᠵᠠᠷ ᠬᠦᠳᠡᠯᠵᠦ ᠮᠡᠳᠡᠬᠦ ᠪᠦᠰᠡ ᠶᠢ ᠵᠢᠭᠠᠵᠦ ᠪᠠᠶᠢᠨ᠎ᠠ᠃

ᠶᠠᠫᠤᠨ ᠳ᠋ᠤ ᠡᠶᠢᠮᠦᠷᠬᠦ ᠪᠦᠰᠡ 2000 ᠭᠠᠷᠤᠢ ᠪᠠᠶᠢᠳᠠᠭ ᠪᠤᠯᠬᠤᠷ ᠪᠦᠬᠦ ᠤᠯᠤᠰ  ᠤᠨ ᠬᠢᠨᠢ ᠠᠯᠢ ᠬᠡᠰᠡᠭ ᠲᠤ ᠴᠦ ᠶᠡᠬᠡ ᠭᠠᠵᠠᠷ ᠬᠦᠳᠡᠯᠦᠯᠲᠡ ᠡᠭᠦᠰᠴᠦ ᠮᠡᠳᠡᠨ᠎ᠡ ᠭᠡᠰᠡᠨ ᠪᠠᠶᠢᠨ᠎ᠠ᠃ ᠶᠠᠫᠤᠨ ᠳ᠋ᠤ ᠡᠶᠢᠮᠦᠷᠬᠦ ᠠᠵᠢᠯᠯᠠᠭ᠎ᠠ ᠲᠠᠢ ᠪᠦᠰᠡ ᠶᠢᠨ ᠭᠠᠵᠠᠷ ᠬᠦᠳᠡᠯᠦᠯᠲᠡ ᠮᠡᠰᠢ ᠤᠯᠠᠨ ᠡᠬᠦᠰᠴᠦ ᠦᠩᠭᠡᠷᠡᠭᠰᠡᠨ᠃ ᠡᠶᠢᠮᠦᠷᠬᠦ ᠭᠠᠵᠠᠷ ᠬᠦᠳᠡᠯᠦᠯᠲᠡ ᠨᠢ ᠭᠠᠵᠠᠷ  ᠤᠨ ᠠᠩ ᠵᠡᠷᠭᠡ  ᠶᠢ ᠡᠬᠦᠰᠭᠡᠵᠦ ᠂ ᠬᠦᠨᠳᠦ ᠨᠤᠴᠢᠲᠠᠢ ᠭᠠᠮᠰᠢᠭ ᠡᠬᠦᠰᠭᠡᠳᠡᠭ ᠪᠠᠶᠢᠨ᠎ᠠ᠃

ᠢᠷᠡᠯᠳᠡ᠄ ᠯᠠᠪᠯᠠᠯᠲᠠ ᠶᠢᠨ ᠮᠡᠳᠡᠭᠡ

 
 

日本缘何频发地震

首先,日本处在所谓的“环太平洋火山带”上。这是世界上最活跃的地震带。这个“火山环”实际上是一个想象的马蹄形区域,沿太平洋的边缘分布。世界上的许多地震和火山爆发都发生在该火山带上。

在“环太平洋火山带”内,几个构造板块———包括太平洋底部的太平洋板块和菲律宾海板块———相互挤压和碰撞。

美国地质勘探局地球物理学家道格拉斯吉文说:“地球表面分为约12个主要板块,它们都在移动。它们的边沿发生碰撞时,就会有事情发生。”

该局另一名地球物理学家保罗卡鲁索说,15日发生的地震似乎是菲律宾海板块俯冲到欧亚大陆板块底下引发的。

卡鲁索还说,并非所有地震都会引发海啸。他还说,一般来讲,可能产生危险的地震海啸的关键要素有三个。第一,地震震级必须至少达7级;第二,震中必须在大洋底下;最后一个,震源必须较浅。

【日本《朝日新闻》4月17日报道】据分析,此次熊本县地震是在活断层上发生的。活断层是曾经发生过地震,将来也可能发生地震的断层。日本有2000多个活断层,全国任何地方都有发生大地震的可能性。

 
 
Posted in ᠴᠢᠯᠤᠭᠡᠲᠦ ᠴᠠᠭ |茶余饭后 and tagged .