ᠬᠦᠷᠵᠠᠩ ᠵᠦᠰᠦᠬᠦ ᠮᠠᠰᠢᠨ ᠮᠠᠯᠴᠢᠳ ᠲᠤ ᠲᠠᠭᠠᠰᠢᠶᠠᠭᠳᠠᠵᠤ ᠪᠠᠢᠨ᠎ᠠ 牧民用上羊粪砖切割机

 
 

ᠬᠦᠷᠵᠠᠩ ᠵᠦᠰᠦᠬᠦ ᠮᠠᠰᠢᠨ ᠮᠠᠯᠴᠢᠳ ᠲᠤ ᠲᠠᠭᠠᠰᠢᠶᠠᠭᠳᠠᠵᠤ ᠪᠠᠢᠨ᠎ᠠ

ᠠᠷᠠᠳ ᠤᠨ ᠰᠦᠯᠵᠢᠶ᠎ᠠ ᠵᠢᠨ ᠮᠡᠳᠡᠭᠡ ᠦᠪᠦᠷ ᠮᠤᠩᠭᠤᠯ ᠤᠨ ᠡᠳᠦᠷ ᠦᠨ ᠰᠤᠨᠢᠨ ᠤ ᠮᠡᠳᠡᠬᠡ ᠵᠢ ᠦᠨᠳᠦᠰᠦᠯᠡᠪᠡᠯ᠂ ᠰᠢᠯᠢ ᠵᠢᠨ ᠭᠤᠤᠯ ᠠᠢᠮᠠᠭ ᠤᠨ ᠪᠠᠷᠠᠭᠤᠨ ᠦᠵᠦᠮᠦᠴᠢᠨ ᠬᠤᠰᠢᠭᠤᠨ  ᠤ ᠮᠠᠯᠴᠢᠨ ᠬᠡᠰᠢᠭᠪᠤᠯᠠᠭ ᠪᠤᠯᠤᠨ ᠪᠠᠶᠠᠨᠪᠠᠳᠤ ᠵᠢᠨ ᠲᠦᠰᠦᠪᠯᠡᠨ ᠦᠢᠯᠡᠳᠦᠭᠰᠡᠨ ᠬᠦᠷᠵᠡᠩ ᠵᠦᠰᠦᠬᠦ ᠮᠠᠰᠢᠨ ᠤᠳᠤ ᠨᠢᠬᠡᠨᠳᠡ ᠠᠰᠢᠭᠯᠠᠯᠳᠠ ᠳ᠋ᠤ ᠤᠷᠤᠵᠤ ᠮᠠᠯᠴᠢᠳ  ᠤᠨ ᠠᠵᠤ ᠠᠮᠢᠳᠤᠷᠠᠯ ᠳ᠋ᠤ ᠲᠤᠰᠠᠯᠠᠵᠤ ᠴᠢᠳᠠᠬᠤ ᠪᠤᠯᠤᠭᠰᠠᠨ ᠪᠠᠢᠨ᠎ᠠ᠃ ᠡᠨᠡ ᠮᠠᠰᠢᠨ ᠨᠢ ᠤᠯᠤᠰ ᠤᠨ ᠲᠤᠰᠬᠠᠢ ᠠᠰᠢᠭ ᠤᠨ ᠡᠷᠬᠡ ᠵᠢᠨ ᠲᠤᠪᠴᠢᠶ᠎ᠠ ᠠᠴᠠ ᠬᠡᠷᠡᠭᠯᠡᠭᠡᠨ ᠦ ᠰᠢᠨ᠎ᠡ ᠬᠡᠯᠪᠡᠷᠢ ᠵᠢᠨ ᠲᠤᠰᠬᠠᠢ ᠠᠰᠢᠭ ᠤᠨ ᠡᠷᠬᠡ ᠵᠢᠨ ᠦᠨᠡᠮᠯᠡᠯ ᠢ ᠤᠯᠤᠭᠰᠠᠨ ᠪᠠ ᠠᠪᠰᠠᠷ ᠵᠢᠵᠢᠭᠭᠡᠨ᠂ ᠦᠷ᠎ᠡ ᠠᠰᠢᠭ  ᠨᠢ ᠦᠨᠳᠦᠷ᠂ ᠦᠪᠡᠷ  ᠤᠨ ᠦᠷᠳᠡᠭ  ᠨᠢ ᠲᠤᠤᠷ᠎ᠠ ᠪᠤᠯᠬᠤᠷ ᠮᠠᠯᠴᠢᠳ  ᠲᠤ ᠶᠡᠬᠡᠬᠡᠨ ᠲᠠᠭᠠᠰᠢᠶᠠᠭᠳᠠᠵᠤ᠂ ᠤᠳᠤᠬᠠᠨ ᠳ᠋ᠤ ᠰᠢᠯᠢ ᠵᠢᠨ ᠭᠤᠤᠯ ᠠᠢᠮᠠᠭ᠂ ᠪᠠᠶᠠᠠᠨᠠᠭᠤᠷ ᠬᠤᠳᠠ᠂ ᠤᠯᠠᠭᠠᠨᠴᠠᠪ ᠬᠤᠳᠠ ᠂ ᠡᠷᠢᠶᠠᠨ ᠬᠤᠳᠠ᠂ ᠬᠦᠯᠤᠨ ᠪᠤᠢᠷ ᠬᠤᠳᠠ ᠵᠢᠴᠢ ᠰᠢᠨᠵᠢᠶᠠᠩ ᠤᠨ ᠤᠢᠭᠤᠷ ᠤᠨ ᠦᠪᠡᠷᠳᠡᠬᠡᠨ ᠵᠠᠰᠠᠬᠤ ᠤᠷᠤᠨ ᠳ᠋ᠤ ᠲᠦᠬᠡᠮᠡᠯᠵᠢᠵᠤ ᠡᠬᠢᠯᠠᠵᠠᠢ᠃

ᠡᠳᠦᠷ ᠲᠤᠯᠠᠭᠠᠷᠠᠭᠠᠳ ᠢᠷᠡᠬᠦ ᠳ᠋ᠤ ᠬᠤᠨᠢ ᠢᠮᠠᠭᠠᠨ  ᠤ ᠬᠦᠷᠵᠠᠩ  ᠢᠶᠠᠨ ᠠᠷᠢᠯᠭᠠᠵᠤ᠂ ᠬᠤᠷᠤᠭ᠎ᠠ ᠬᠠᠰᠢᠶ᠎ᠠ  ᠪᠠᠨ ᠴᠡᠪᠡᠷᠬᠡᠨ ᠪᠦᠬᠡᠳ ᠰᠡᠷᠢᠬᠦᠬᠡᠨ ᠪᠤᠯᠭᠠᠬᠤ ᠨᠢ ᠮᠠᠯᠴᠢᠨ ᠬᠦᠮᠦᠨ ᠦ ᠤᠮᠳᠤᠭᠠᠢᠯᠠᠵᠤ ᠪᠤᠯᠤᠰᠢ  ᠦᠭᠡᠢ ᠨᠢᠬᠡᠨ ᠠᠵᠢᠯ ᠶᠤᠮ᠃ ᠵᠠᠷᠢᠮ ᠮᠠᠯᠴᠢᠨ ᠤ ᠵᠢᠱᠢᠨ ᠪᠤᠳᠤᠭᠰᠠᠨ ᠢᠶᠠᠷ᠂ 300 ᠬᠤᠨᠢᠨ ᠤ ᠬᠦᠷᠵᠠᠩ ᠢ ᠬᠦᠷᠵᠠ ᠪᠡᠷ ᠬᠢᠰᠬᠢᠵᠤ ᠴᠡᠪᠡᠷᠯᠡᠬᠦ ᠳ᠋ᠤ ᠴᠢᠳᠠᠯ ᠲᠡᠩᠬᠡᠬᠡ ᠰᠠᠢᠳᠠᠢ ᠬᠦᠮᠦᠨ ᠪᠠᠢᠭᠰᠠᠨ ᠴᠤ ᠪᠠᠷᠤᠭ 3 ᠡᠳᠦᠷ ᠬᠡᠷᠡᠭᠰᠡᠳᠡᠭ᠂ ᠬᠡᠳᠡᠯ᠎ᠡ ᠬᠦᠷᠵᠠᠩ ᠵᠦᠰᠦᠬᠦ ᠮᠠᠰᠢᠨ ᠢᠶᠠᠷ 1 ᠴᠠᠭ ᠲᠤ ᠲᠠᠭᠤᠰᠬᠠᠴᠢᠬᠠᠳᠠᠭ ᠶᠤᠮ ᠬᠡᠨ᠎ᠡ᠃

 

牧民用上羊粪砖切割机

随着天气转暖,从羊圈里挖羊粪又成了牧民的工作。在牧区,牧民把羊圈里长时间堆积形成的厚厚的粪层挖起来,是一项工作强度很大的力气活儿。据牧民介绍,过去,一个牧民用一把铁锹挖一个有300只羊的羊圈里的羊粪,即使是壮劳力也需要3天的时间。

现在使用牧民自己发明的羊粪砖切割机,这样的工作一个普通劳动力用1小时即可完成。

锡林郭勒盟西乌珠穆沁旗牧民贺希格宝力高和巴音巴图就是这种羊粪砖切割机的设计制造者,这个机器不仅获得了国家专利局颁发的实用新型专利证书,而且拿到了机械工业畜牧机械产品质量监督检测中心颁发的合格证书。由于体积小、效率高、使用成本低,这种机器受到了牧区群众的欢迎,目前已经在锡林郭勒盟、巴彦淖尔市、乌兰察布市、二连浩特市、呼伦贝尔市和新疆维吾尔自治区得到推广和应用。

 
 
Posted in ᠤᠷᠤᠨ ᠨᠤᠲᠤᠭ |农牧信息 and tagged .