ᠰᠢᠨ᠎ᠡ ᠡᠨᠧᠷᠬᠢ ᠵᠢᠨ ᠮᠠᠰᠢᠨ ᠲᠡᠷᠭᠡᠨ ᠦ ᠲᠤᠰᠬᠠᠢ ᠫᠠᠢᠰᠠ ᠵᠢ ᠡᠬᠢᠯᠡᠵᠤ ···将启用新能源汽车专用号牌

 
 

ᠰᠢᠨ᠎ᠡ ᠡᠨᠧᠷᠬᠢ ᠵᠢᠨ ᠮᠠᠰᠢᠨ ᠲᠡᠷᠭᠡᠨ ᠦ ᠲᠤᠰᠬᠠᠢ ᠫᠠᠢᠰᠠ ᠵᠢ ᠡᠬᠢᠯᠡᠵᠤ ᠬᠡᠷᠡᠭᠯᠡᠬᠦ ᠪᠡᠷ ᠪᠤᠢ

ᠰᠤᠷᠪᠤᠯᠵᠢᠯᠠᠭᠴᠢ ᠲᠤᠳᠤᠭᠠᠳᠤ ᠵᠢ ᠬᠠᠮᠠᠭᠠᠯᠠᠬᠤ ᠶᠠᠮᠤᠨ ᠠᠴᠠ ᠤᠢᠯᠠᠭᠠᠭᠰᠠᠨ  ᠨᠢ᠄ ᠮᠠᠨ ᠤ ᠤᠯᠤᠰ ᠰᠢᠨ᠎ᠡ ᠡᠨᠧᠷᠬᠢ ᠵᠢᠨ ᠮᠠᠰᠢᠨ ᠲᠡᠷᠭᠡᠨ ᠦ ᠲᠤᠰᠬᠠᠢ ᠫᠠᠢᠰᠠ ᠵᠢ ᠡᠬᠢᠯᠡᠵᠤ ᠬᠡᠷᠡᠭᠯᠡᠬᠦ ᠪᠡᠷ ᠪᠤᠢ᠃ ᠲᠤᠳᠤᠭᠠᠳᠤ ᠵᠢ ᠬᠠᠮᠠᠭᠠᠯᠠᠬᠤ ᠶᠠᠮᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠵᠢᠨ ᠲᠤᠪᠴᠢᠶ᠎ᠠ ᠠᠴᠠ ᠤᠷᠢᠳᠤᠬᠢ ᠬᠤᠭᠤᠴᠠᠭᠠᠨ  ᠤ ᠪᠠᠢᠴᠠᠭᠠᠨ ᠰᠤᠳᠤᠯᠤᠯᠲᠠ ᠬᠢᠵᠤ ᠨᠤᠲᠠᠯᠠᠭᠰᠠᠨ ᠰᠠᠭᠤᠷᠢᠨ ᠲᠡᠭᠡᠷ᠎ᠡ᠂ ᠰᠢᠨ᠎ᠡ ᠡᠨᠧᠷᠬᠢ ᠵᠢᠨ ᠮᠠᠰᠢᠨ ᠲᠡᠷᠭᠡᠨ ᠦ ᠫᠠᠢᠰᠠ ᠵᠢᠨ ᠶᠠᠩᠵᠤ ᠵᠢ ᠵᠢᠷᠤᠵᠤ ᠲᠦᠯᠦᠪᠯᠡᠭᠡᠳ᠂ ᠨᠡᠢᠭᠡᠮ ᠨᠡᠢᠲᠡ ᠡᠴᠡ ᠰᠠᠨᠠᠯ ᠰᠠᠨᠠᠭᠤᠯᠭ᠎ᠠ ᠬᠤᠷᠢᠶᠠᠵᠤ ᠪᠠᠢᠨ᠎ᠠ᠂ ᠲᠤᠰ ᠡᠳᠤᠷ  ᠡᠴᠡ ᠡᠬᠢᠯᠡᠨ ᠬᠦᠮᠦᠰ ᠰᠠᠨᠠᠭᠠᠨ ᠳ᠋ᠤ ᠲᠠᠭᠠᠷᠠᠭᠰᠠᠨ ᠫᠠᠢᠰᠠ ᠵᠢᠨ ᠶᠠᠩᠵᠤ ᠳ᠋ᠠᠭᠠᠨ ᠪᠢᠯᠧᠲ ᠦᠭᠴᠦ ᠪᠤᠯᠤᠨ᠎ᠠ᠃

ᠲᠤᠳᠤᠭᠠᠳᠤ ᠵᠢ ᠬᠠᠮᠠᠭᠠᠯᠠᠬᠤ ᠶᠠᠮᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠵᠢᠨ ᠲᠤᠪᠴᠢᠶᠠᠨ ᠤ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠵᠢᠡᠷ᠂ ᠪᠠᠭ᠎ᠠ ᠬᠡᠯᠪᠡᠷᠢ ᠵᠢᠨ ᠮᠠᠰᠢᠨ ᠲᠡᠷᠭᠡᠨ ᠦ ᠫᠠᠢᠰᠠ ᠪᠠ ᠲᠤᠮᠤ ᠬᠡᠯᠪᠡᠷᠢ ᠵᠢᠨ ᠮᠠᠰᠢᠨ ᠲᠡᠷᠭᠡᠨ ᠦ ᠫᠠᠢᠰᠠ ᠳᠤ ᠲᠤᠰ ᠪᠦᠷᠢ 3 ᠶᠠᠩᠵᠤ ᠪᠤᠢ᠃ ᠡᠳᠡᠭᠡᠷ ᠫᠠᠢᠰᠠ ᠵᠢᠨ ᠶᠠᠩᠵᠤ ᠵᠢ ᠵᠢᠷᠤᠵᠤ ᠲᠦᠯᠦᠪᠯᠡᠬᠦ ᠳ᠋ᠡᠭᠡᠨ 《ᠤᠷᠴᠢᠨ ᠠᠬᠤᠢ ᠵᠢ ᠬᠠᠮᠠᠭᠠᠯᠠᠬᠤ 》 ᠪᠡᠯᠭᠡᠳᠡᠯ ᠰᠠᠨᠠᠭ᠎ᠠ ᠵᠢ ᠢᠯᠡᠷᠡᠬᠦᠯᠦᠨ᠂ ᠨᠤᠭᠤᠭᠠᠨ ᠦᠩᠭᠡ  ᠪᠡᠷ ᠭᠤᠤᠯᠳᠠᠭᠤᠯᠤᠭᠰᠠᠨ ᠪᠦᠭᠡᠳ ᠲᠤᠰᠬᠠᠢ ᠢᠯᠡᠳᠭᠡᠮᠵᠢ ᠨᠡᠮᠡᠵᠤ᠂ ᠬᠠᠭᠤᠷᠮᠡᠬ ᠢ ᠰᠡᠷᠭᠡᠢᠯᠡᠬᠦ ᠰᠢᠨ᠎ᠡ ᠮᠡᠷᠭᠡᠵᠢᠯ ᠪᠠ ᠰᠢᠨ᠎ᠡ ᠭᠠᠷ ᠤᠷᠠᠯᠠᠯ ᠢ ᠬᠡᠷᠡᠭᠯᠡᠭᠰᠡᠨ ᠪᠠᠢᠨ᠎ᠠ᠃ ᠡᠩ ᠦᠨ ᠮᠠᠰᠢᠨ ᠲᠡᠷᠭᠡᠨ ᠦ ᠫᠠᠢᠰᠠ  ᠲᠠᠢ ᠠᠳᠠᠯᠢᠳᠬᠠᠪᠠᠯ᠂ ᠰᠢᠨ᠎ᠡ ᠡᠨᠧᠷᠬᠢ ᠵᠢᠨ ᠮᠠᠰᠢᠨ ᠲᠡᠷᠭᠡᠨ ᠦ ᠫᠠᠢᠰᠠ  ᠨᠢ ᠦᠪᠡᠷ ᠦᠨ ᠦᠷᠲᠡᠭ ᠦᠨ ᠵᠠᠷᠤᠳᠠᠯ᠂ ᠫᠠᠢᠰᠠ ᠤᠯᠭᠤᠭᠰᠠᠨ ᠪᠠᠢᠭᠤᠯᠤᠯᠭ᠎ᠠ ᠵᠢᠨ ᠲᠦᠯᠦᠭᠡᠨ ᠦ ᠨᠤᠮᠧᠷ (ᠡᠯ᠎ᠡ ᠮᠤᠵᠢ᠂ ᠤᠷᠤᠨ᠂ ᠬᠤᠲᠠ ᠵᠢᠨ ᠲᠤᠪᠴᠢ ᠨᠡᠷᠡᠢᠳᠦᠯ ᠪᠠ ᠲᠦᠯᠦᠭᠡᠨ ᠦ ᠳ᠋ᠤᠭᠠᠷ ) ᠢ ᠬᠤᠪᠢᠷᠠᠭᠤᠯᠤᠭᠰᠠᠨ ᠦᠭᠡᠢ ᠪᠠᠢᠳᠠᠯ ᠲᠤᠤᠷ᠎ᠠ᠂ ᠨᠤᠮᠧᠷ ᠢ 1 ᠤᠷᠤᠨ ᠨᠡᠮᠡᠭᠳᠡᠬᠦᠯᠵᠠᠢ᠂ ᠵᠢᠱᠢᠶᠡᠯᠡᠪᠡᠯ 《ᠪᠡᠭᠡᠵᠢᠩ A ·     》 ᠭᠡᠳᠡᠭ ᠢ 《ᠪᠡᠭᠡᠵᠢᠩ A ·     》 ᠪᠤᠯᠭᠠᠭᠰᠠᠨ ᠪᠠᠢᠨ᠎ᠠ᠃ 1 ᠤᠷᠤᠨ ᠨᠡᠮᠡᠭᠳᠡᠬᠦᠯᠦᠭᠰᠡᠨ ᠡᠴᠡ ᠨᠤᠮᠧᠷ ᠢ ᠡᠮᠬᠢᠯᠡᠨ ᠵᠢᠭᠰᠠᠭᠠᠬᠤ ᠳ᠋ᠤ ᠨᠡᠩ ᠰᠢᠨᠵᠢᠯᠡᠬᠦ ᠤᠬᠠᠭᠠᠨᠴᠢ ᠪᠤᠯᠵᠤ᠂ ᠡᠩ ᠦᠨ ᠮᠠᠰᠢᠨ ᠲᠡᠷᠭᠡᠨ ᠦ ᠫᠠᠢᠰᠠ ᠯᠤᠭ᠎ᠠ ᠨᠤᠮᠧᠷ ᠲᠠᠪᠬᠤᠴᠠᠬᠤ ᠠᠴᠠ ᠵᠠᠢᠯᠠᠰᠬᠢᠵᠤ᠂ ᠬᠤᠢᠰᠢᠲᠠ ᠵᠢᠨ ᠰᠢᠨ᠎ᠡ ᠡᠨᠧᠷᠬᠢ ᠵᠢᠨ ᠮᠠᠰᠢᠨ ᠨᠡᠮᠡᠭᠳᠡᠬᠦ ᠬᠡᠷᠡᠭᠴᠡᠭᠡ ᠵᠢ ᠬᠠᠩᠭᠠᠭᠰᠠᠨ ᠵᠢᠡᠷ ᠪᠠᠷᠠᠬᠤ ᠦᠭᠡᠢ ᠪᠠᠰᠠ ᠮᠠᠰᠢᠨ ᠲᠡᠷᠭᠡ ᠵᠢ ᠲᠡᠭᠡᠳᠤ ᠬᠤᠷᠳᠤᠴᠠ ᠪᠠᠷ ᠲᠠᠪᠬᠢᠵᠤ ᠪᠠᠢᠭ᠎ᠠ ᠦᠶ᠎ᠡ ᠳ᠋ᠤᠨᠢ ᠤᠨᠤᠪᠴᠢᠲᠠᠢ ᠢᠯᠭᠠᠨ ᠲᠠᠨᠢᠬᠤ ᠳ᠋ᠤ ᠠᠰᠢᠭᠲᠠᠢ ᠪᠤᠯᠤᠭᠰᠠᠨ ᠪᠠᠢᠨ᠎ᠠ᠃

ᠠᠷᠠᠳ ᠤᠨ ᠰᠦᠯᠵᠢᠶ᠎ᠡ

将启用新能源汽车专用号牌

记者从公安部获悉,为更好促进新能源汽车发展,更好区分辨识新能源汽车,实施差异化交通管理政策,我国将启用新能源汽车专用号牌。公安部交通管理局在前期调研论证的基础上,设计了新能源汽车号牌式样,为保障公众知情权、参与权,凝聚各界智慧共识,向社会公开征求意见建议,即日起公众可为自己喜爱的号牌式样投票。

公安部交通管理局负责人介绍,经过初步测试、筛选和论证,形成了新能源汽车号牌式样,其中,小型汽车号牌和大型汽车号牌各3个式样。这些号牌式样在设计时体现了“绿色环保”寓意,以绿色为主色调,并增加了专用标识,应用了新的防伪技术和制作工艺,既可实现区分管理、便于识别,又能彰显新能源特色、技术创新。与普通汽车号牌相比,新能源汽车号牌在工本费、发牌机关代号(各省、区、市简称和代码)不变的情况下,号码增加了1位,如原“京A·×××××”升位至“京A·××××××”。升位后,号码编排更加科学合理,既避免了与普通汽车号牌重号,能满足未来新能源汽车增长的需求,也有利于在车辆高速行驶时准确辨识。

 
 
Posted in ᠴᠢᠯᠤᠭᠡᠲᠦ ᠴᠠᠭ |茶余饭后 and tagged .