《ᠬᠦᠬᠡ ᠳᠤᠯᠪᠤ 》 —ᠮᠣᠩᠭᠤᠯ ᠪᠦᠵᠢᠭ ᠤᠷᠠᠯᠢᠭ ᠤᠨ ᠰᠢᠨ᠎ᠡ ᠡᠷᠢᠯᠬᠢᠯᠡᠯ蒙古舞剧《蓝 印》

 
 

《ᠬᠦᠬᠡ ᠳᠤᠯᠪᠤ 》 —ᠮᠣᠩᠭᠤᠯ ᠪᠦᠵᠢᠭ ᠤᠷᠠᠯᠢᠭ ᠤᠨ ᠰᠢᠨ᠎ᠡ ᠡᠷᠢᠯᠬᠢᠯᠡᠯ

ᠡᠨᠡ ᠵᠢᠯ ᠤᠨ ᠡᠬᠢ ᠪᠠᠷ᠂ ᠤᠳᠤᠬᠢᠴᠢ ᠮᠤᠩᠭᠤᠯ ᠪᠦᠵᠢᠭᠳᠤ ᠵᠦᠴᠦᠭᠡ 《ᠬᠦᠭᠡ ᠳᠤᠯᠪᠤ》 ᠶᠢᠨ ᠠᠩᠬᠠᠨ ᠤ ᠲᠤᠬᠯᠠᠯᠳᠠ ᠨᠡᠶᠢᠰᠯᠠᠯ ᠪᠡᠭᠡᠵᠢᠩ ᠤᠨ ᠦᠵᠡᠭᠴᠢᠳ ᠤᠨ ᠲᠤᠷᠭᠠᠨ ᠮᠡᠯᠮᠠᠢ ᠶᠢ ᠮᠢᠯᠢᠶᠡᠨ᠂ ᠨᠡᠶᠢᠳᠡ ᠶᠢᠨ ᠲᠠᠭᠠᠰᠢᠶᠠᠯ ᠳᠤ ᠬᠦᠷᠴᠤ᠂ ᠮᠤᠩᠭᠤᠯ ᠪᠦᠵᠢᠭ ᠤᠷᠠᠯᠢᠬ ᠤᠨ ᠠᠭᠤᠤ ᠭᠠᠶᠢᠬᠠᠮᠰᠢᠬ ᠢ ᠲᠡᠬᠢᠨᠳᠠ ᠶᠢᠷᠳᠢᠨᠴᠤ ᠶᠢᠨ ᠤᠯᠠᠨ ᠳᠤ ᠭᠠᠶᠢᠬᠠᠭᠤᠯᠤᠬᠰᠠᠨ ᠪᠠᠶᠢᠨ᠎ᠠ᠃

ᠤᠷᠴᠢᠮ ᠰᠤᠷᠪᠤᠯᠵᠢᠯᠠᠬᠴᠢ 《ᠬᠦᠬᠡ ᠳᠤᠯᠪᠤ》 ᠵᠦᠴᠦᠭᠡ ᠶᠢ ᠤᠳᠠᠯ ᠦᠭᠡᠢ ᠤᠷᠳᠤᠰ ᠬᠤᠳᠠ ᠪᠠ ᠬᠦᠬᠡᠬᠤᠳᠠ ᠳᠤ ᠲᠤᠬᠯᠠᠬᠤ ᠪᠠᠷ ᠪᠠᠶᠢᠭ᠎ᠠ ᠴᠢᠮᠡᠭᠡ ᠶᠢ ᠲᠤᠭᠤᠯᠵᠤ᠂ ᠲᠤᠰᠬᠠᠢᠢᠯᠠᠨ ᠳᠤᠰ ᠵᠦᠴᠦᠭᠡ ᠶᠢᠨ ᠨᠠᠶᠢᠷᠠᠭᠤᠯᠤᠨ ᠤᠳᠤᠷᠢᠳᠤᠭᠠᠴᠢ ᠬᠦᠳᠡᠷ ᠲᠠᠢ ᠠᠭᠤᠯᠵᠠᠨ ᠰᠤᠷᠪᠤᠯᠵᠢᠯᠠᠬᠰᠠᠨ ᠶᠤᠮ᠃

ᠤᠳᠤᠬᠢᠴᠢ ᠮᠤᠩᠭᠤᠯ ᠪᠦᠵᠢᠭᠳᠤ ᠵᠦᠴᠦᠭᠡ 《ᠬᠦᠭᠡ ᠳᠤᠯᠪᠤ》 ᠶᠢᠨ ᠶᠡᠷᠦᠩᠬᠡᠢ ᠤᠳᠤᠷᠢᠳᠤᠭᠠᠴᠢ ᠰᠢ ᠰᠡᠷᠬᠦᠯᠡᠩ᠂ ᠪᠦᠵᠢᠭ ᠤᠨ ᠨᠠᠶᠢᠷᠠᠭᠤᠯᠤᠨ ᠤᠳᠤᠷᠢᠳᠤᠭᠠᠴᠢ ᠬᠦᠳᠡᠷ᠂ ᠬᠦᠢᠴᠡᠳᠭᠡᠭᠴᠢ ᠤᠳᠤᠷᠢᠳᠤᠭᠠᠴᠢ ᠵᠦᠭᠵᠢᠶ᠎ᠡ᠂ ᠵᠦᠴᠦᠭᠡ ᠶᠢᠨ ᠲᠡᠪᠳᠡᠷ ᠢ ᠪᠢᠴᠢᠭᠰᠡᠨ ᠰᠤᠯᠤᠩᠭ᠎ᠠ᠂ ᠠᠶ᠎ᠠ ᠶᠢ ᠵᠤᠬᠢᠶᠠᠬᠰᠠᠨ ᠳᠦᠭᠳᠦᠮ ᠨᠠᠷ ᠪᠤᠯ ᠪᠦᠷ ᠮᠤᠩᠭᠤᠯ ᠪᠦᠵᠢᠭ ᠤᠷᠠᠯᠢᠭ ᠲᠠᠭᠠᠨ ᠬᠠᠶᠢᠷᠠᠳᠠᠢ ᠪᠦᠵᠢᠭᠴᠢᠨ ᠵᠠᠯᠠᠭᠤᠰ ᠪᠤᠯᠤᠨ᠎ᠠ᠃ 2014 ᠤᠨ ᠳᠤ᠂ ᠰᠢ ᠰᠡᠷᠬᠦᠯᠡᠩ 《ᠳᠤᠮᠳᠠᠳᠤ ᠶᠢᠨ ᠰᠢᠯᠢᠳᠡᠭ ᠪᠦᠵᠢᠭᠴᠢᠨ》 ᠫᠷᠦᠭᠷᠡᠮ ᠳᠤ ᠤᠷᠤᠯᠴᠠᠵᠤ᠂ ᠠᠷᠪᠠᠨ ᠰᠢᠯᠢᠳᠡᠭ ᠪᠦᠵᠢᠭᠴᠢᠨ ᠤ ᠨᠢᠭᠡ ᠪᠤᠯᠤᠭᠰᠠᠨ ᠪᠦᠭᠡᠳ ᠲᠡᠭᠦᠨ ᠤ ᠲᠠᠷᠠᠭᠠᠪᠠᠷ ᠭᠡᠷᠭᠡᠢ ᠠᠯᠢᠮ᠎ᠠ ᠲᠠᠢ ᠮᠤᠩᠭᠤᠯ ᠪᠦᠵᠢᠭ ᠤᠨ ᠬᠤᠯᠪᠤᠭ᠎ᠠ ᠪᠠᠶᠢᠭᠤᠯᠬᠤ ᠠᠩᠬᠠᠨ ᠤ ᠳᠦᠰᠦᠪ ᠭᠠᠷᠭᠠᠵᠤ᠂ ᠳᠡᠷᠡᠴᠢᠯᠡᠨ ᠪᠦᠵᠢᠭ ᠤᠨ ᠬᠤᠯᠪᠤᠭ᠎ᠠ ᠶᠢᠨ ᠠᠩᠬᠠᠨ ᠤ ᠪᠦᠳᠦᠭᠡᠯ ᠤᠨ ᠢᠶᠠᠨ ᠪᠤᠷᠤ ᠲᠦᠰᠦᠪ ᠢ ᠴᠤ ᠡᠬᠢᠯᠡᠨ ᠪᠤᠳᠤᠯᠬᠢᠯᠠᠬᠰᠠᠨ ᠪᠠᠶᠢᠨ᠎ᠠ᠃ ᠢᠡᠭᠬᠢᠭᠡᠳ ᠰᠠᠶᠢᠨ ᠨᠠᠶᠢᠵᠢ ᠬᠦᠳᠡᠷ᠂ ᠵᠦᠭᠵᠢᠶ᠎ᠡ ᠵᠡᠷᠭᠡ ᠬᠦᠮᠦᠰ ᠲᠠᠢ ᠬᠠᠮᠳᠤᠪᠡᠷ ᠴᠢᠷᠮᠠᠶᠢᠬᠰᠠᠨ ᠤ ᠳ᠋ᠦᠩ ᠳᠤ᠂ ᠶᠢᠰᠤᠨ ᠡᠷᠡᠭᠳᠡᠢ ᠮᠤᠩᠭᠤᠯ ᠳᠤᠭᠯᠠᠭᠴᠢ ᠪᠠᠷ ᠪᠦᠷᠢᠯᠳᠦᠭᠰᠡᠨ 《ᠬᠦᠬᠡ ᠳᠤᠯᠪᠤᠳᠠᠨ》 ᠪᠦᠵᠢᠭ ᠤᠨ ᠬᠤᠯᠪᠤᠭ᠎ᠠ ᠪᠠᠶᠢᠭᠤᠯᠤᠬᠳᠠᠬᠰᠠᠨ ᠪᠦᠭᠡᠳ ᠳᠤᠰ ᠪᠦᠵᠢᠭ ᠤᠨ ᠬᠤᠯᠪᠤᠭ᠎ᠠ ᠶᠢᠨ ᠤᠤᠭᠠᠨ ᠪᠦᠳᠦᠭᠡᠯ 《 ᠬᠦᠬᠡ ᠳᠤᠯᠪᠤ》 ᠴᠤ ᠰᠢᠯᠤᠭᠤᠬᠠᠨ ᠮᠡᠨᠳᠤᠯᠡᠭᠰᠡᠨ ᠪᠠᠶᠢᠨ᠎ᠠ᠃

《ᠬᠦᠬᠡ ᠲᠤᠯᠪᠤ》ᠵᠦᠴᠦᠭᠡ ᠨᠢ ᠡᠬᠢᠯᠡᠯᠳᠡ᠂ ᠲᠦᠭᠡᠷᠢᠭᠳᠡᠯ᠂ ᠬᠦᠪᠦᠷᠡᠯ᠂ ᠤᠷᠢᠶᠠᠯᠠᠯ᠂ ᠪᠤᠴᠠᠯ ᠵᠡᠷᠭᠡ ᠳᠠᠪᠤᠨ ᠭᠡᠰᠡᠭ ᠢᠶᠠᠷ ᠪᠦᠷᠢᠯᠳᠦᠵᠤ᠂ ᠬᠤᠳᠠ ᠳᠤ ᠢᠷᠡᠭᠰᠡᠨ ᠮᠤᠩᠭᠤᠯ ᠵᠠᠯᠠᠭᠤ ᠦᠶ᠎ᠡ ᠶᠢᠨ ᠬᠢᠨ ᠤ ᠦᠪᠡᠷ ᠤᠨ ᠤᠷᠤᠨ ᠪᠠᠶᠢᠷᠢ ᠪᠠᠨ ᠤᠯᠵᠤ ᠶᠠᠳᠠᠨ᠂ ᠶᠠᠭᠤ ᠪᠦᠬᠦᠨ ᠳᠤ ᠳᠤᠷ᠎ᠠ ᠠᠯᠳᠠᠷᠠᠵᠤ᠂ ᠬᠦᠰᠡᠯ ᠳᠡᠮᠡᠦᠯᠡᠯ ᠪᠠᠶᠢᠬᠤ ᠦᠭᠡᠢ᠂ ᠲᠦᠭᠡᠷᠢᠭᠳᠡᠵᠤ ᠠᠳᠬᠤᠷᠠᠭᠰᠠᠨ ᠤᠶᠤᠨ ᠰᠦᠨᠡᠰᠦ ᠪᠠ ᠪᠡᠶ᠎ᠡ ᠴᠤᠭᠴᠠᠰ ᠨᠢ ᠰᠠᠯᠤᠩᠬᠢᠷᠠᠭᠰᠠᠨ ᠳᠤᠳᠤᠭᠠᠳᠤ ᠰᠡᠳᠬᠢᠯᠭᠡ ᠶᠢᠨ ᠵᠦᠷᠢᠴᠡᠯᠳᠦ ᠪᠠᠶᠢᠳᠠᠯ ᠢ ᠤᠳᠤᠬᠢᠴᠢ ᠪᠦᠵᠢᠭ ᠤᠨ ᠬᠡᠯᠪᠡᠷᠢ ᠪᠠᠷ ᠢᠯᠡᠷᠡᠬᠦᠯᠵᠤ᠂ ᠰᠢᠨ᠎ᠡ ᠴᠠᠭ ᠦᠶ᠎ᠡ᠂ ᠰᠢᠨ᠎ᠡ ᠤᠷᠴᠢᠨ ᠳᠤᠭᠤᠷᠢᠨ ᠳᠤ ᠠᠮᠢᠳᠤᠷᠠᠨ ᠤᠷᠤᠰᠢᠵᠤ ᠪᠦᠬᠦᠢ ᠮᠤᠩᠭᠤᠯ ᠵᠠᠯᠠᠭᠤ ᠨᠢᠭᠡᠨ ᠦᠶ᠎ᠡ ᠶᠢᠨ ᠬᠢᠨ ᠢ ᠵᠠᠪᠠᠯ ᠦᠪᠡᠷ ᠤᠨ ᠭᠡᠰᠡᠨ ᠬᠦᠰᠡᠯ ᠳᠡᠮᠡᠦᠯᠡᠯ ᠲᠠᠢ᠂ ᠢᠳᠡᠭᠡᠯ ᠪᠢᠰᠢᠷᠡᠯ ᠲᠠᠢ᠂ ᠠᠵᠢᠯ ᠦᠢᠯᠡᠰ ᠲᠠᠢ ᠤᠷᠤᠬᠰᠢ ᠲᠡᠮᠡᠴᠡᠵᠤ ᠶᠠᠪᠤᠬᠤ ᠶᠢ ᠤᠷᠠᠶᠢᠯᠠᠨ ᠲᠠᠭᠤᠳᠠᠬᠰᠠᠨ ᠪᠠᠶᠢᠨ᠎ᠠ᠃ ᠦᠯᠢᠭᠡᠷ ᠤᠨ ᠤᠷᠬᠢᠯ ᠳᠤ ᠪᠦᠭᠡ ᠶᠢᠨ ᠪᠦᠵᠢᠭ ᠪᠠ ᠮᠤᠩᠭᠤᠯ ᠪᠦᠵᠢᠭ᠂ ᠮᠤᠩᠭᠤᠯ ᠳᠠᠭᠤᠤ ᠪᠠᠷ ᠪᠦᠬᠦ ᠵᠦᠴᠤᠭᠡ ᠶᠢᠨ ᠬᠠᠮᠤᠭ ᠪᠠᠶᠠᠷ ᠬᠦᠷ ᠲᠠᠢ ᠪᠠᠶᠢᠳᠠᠯ ᠢ ᠢᠯᠡᠷᠡᠬᠦᠯᠦᠭᠰᠡᠨ ᠪᠤᠯ ᠲᠡᠭᠦᠰᠭᠡᠯ ᠢ ᠲᠦᠭᠡᠷᠢᠭᠳᠡᠯ ᠠᠴᠠ ᠮᠤᠯᠳᠤᠷᠠᠵᠤ ᠠᠮᠢᠳᠤᠷᠠᠯ ᠤᠨ ᠬᠠᠯᠠᠭᠤᠨ ᠳᠤᠯᠠᠭᠠᠨ ᠢ ᠳᠠᠬᠢᠨᠳᠠ ᠤᠯᠵᠤ ᠬᠦᠷᠳᠡᠨ᠂ ᠪᠤᠳᠠᠳᠤ ᠤᠷᠴᠢᠨ ᠲᠠᠢ ᠪᠠᠨ ᠵᠤᠬᠢᠴᠠᠨ ᠴᠢᠳᠠᠬᠰᠠᠨ ᠰᠠᠶᠢᠨ ᠰᠠᠶᠢᠬᠠᠨ ᠵᠦᠢᠯᠡᠰ ᠢᠶᠠᠷ ᠦᠨᠳᠦᠷᠯᠡᠬᠦᠯᠵᠠᠢ᠃

ᠢᠷᠡᠯᠲᠡ᠄

ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ

蒙古舞剧《蓝 印》

  《蓝·印》剧名来源于蓝斑——蒙古斑,一直被人们称作蒙古人独有的印记。此剧由一个普通蒙古族青年的生活现状开始,离开了草原却又伫立在都市文明的边缘,找不到心灵的归宿,于是回到了阔别已久的草原,大自然与祖辈的教诲让他重新找回遗失已久的民族精神。编剧索伦格表示:“这部剧不是要还原一个历史事件,更多的是表达现在的蒙古族年轻人对民族文化传承全新的理解和态度。”

 
 
Posted in ᠰᠤᠶᠤᠯ ᠤᠷᠠᠯᠢᠭ |文化信息 and tagged .