ᠰᠲ᠋ᠠᠯᠢᠨ ᠤ ᠪᠢᠴᠢᠭᠰᠡᠨ ᠪᠤᠷᠤᠭᠤ ᠦᠰᠦᠭ 斯大林的错别字

 
 

ᠰᠲ᠋ᠠᠯᠢᠨ ᠤ ᠪᠢᠴᠢᠭᠰᠡᠨ ᠪᠤᠷᠤᠭᠤ ᠦᠰᠦᠭ

ᠰᠲ᠋ᠠᠯᠢᠨ ᠪᠤᠯ ᠤᠤᠯ ᠤᠨ ᠵᠦᠪᠯᠡᠯᠲᠦ ᠬᠤᠯᠪᠤᠭᠠᠲᠦ ᠤᠯᠤᠰ ᠤᠨ ᠵᠠᠰᠠᠭ ᠤᠨ ᠡᠷᠬᠡ ᠶᠢ ᠬᠠᠮᠤᠭ ᠤᠷᠳᠤ ᠬᠤᠭᠤᠴᠠᠭ᠎ᠠ ᠠᠳᠬᠤᠭᠰᠠᠨ ᠤᠳᠤᠷᠢᠳᠬᠤ ᠬᠦᠮᠦᠨ ᠪᠤᠯᠤᠨ᠎ᠠ᠃ ᠲᠡᠷᠨ 1922 ᠤᠨ ᠳ᠋ᠤ ᠵᠠᠰᠠᠭ ᠤᠨ ᠡᠷᠬᠡ ᠠᠳᠬᠤᠭᠰᠠᠨ ᠴᠠᠭ ᠡᠴᠠ 1953 ᠤᠨ ᠳ᠋ᠤ ᠨᠠᠰᠤ ᠪᠠᠷᠠᠳᠠᠯ᠎ᠠ ᠪᠠᠨ ᠶᠠᠷᠦᠨᠢ ᠪᠠᠶ᠎ᠠ ᠳ᠋ᠡᠭᠡᠨ ᠶᠡᠬᠡ ᠡᠢᠳᠡᠬᠡᠯ ᠲᠡᠢ ᠪᠠᠢᠪᠠ᠃

ᠨᠢᠭᠡᠨ ᠡᠳᠦᠷ ᠰᠲ᠋ᠠᠯᠢᠨ ᠭᠤᠷᠺᠢ ᠶᠢᠨ 《ᠪᠢᠴᠢᠬᠠᠨ ᠦᠬᠢᠨ ᠬᠢᠭᠡᠳ ᠦᠬᠦᠯ ᠦᠨ ᠡᠵᠡᠨ 》 ᠬᠡᠰᠡᠨ ᠨᠤᠮ ᠢ ᠤᠩᠰᠢᠭᠰᠠᠨ ᠤ ᠲᠠᠷᠠᠭ᠎ᠠ ᠲᠤᠢᠯ ᠢᠶᠠᠷ ᠪᠠᠬᠠᠷᠬᠠᠵᠤ᠂ ᠨᠤᠮ ᠤᠨ ᠡᠴᠦᠰ ᠦᠨ ᠨᠢᠭᠤᠷ ᠲᠤ 《ᠡᠨᠡ ᠨᠤᠮ ᠳ᠋ᠠᠬᠢ ᠢᠨᠠᠭ
ᠬᠠᠢᠷ᠎ᠠ ᠦᠬᠦᠯ ᠢ ᠡᠢᠯᠠᠨ ᠲᠠᠪᠠᠵᠤ ᠲᠡᠢᠯᠦᠨ᠎ᠠ ᠬᠡᠰᠡᠨ ᠤᠳᠬ᠎ᠠ ᠰᠠᠨᠠᠭ᠎ᠠ ᠨᠢ ᠭᠤᠲᠸ ᠤᠨ ( ᠹᠦ ᠱᠢ ᠳ᠋ᠸ) ᠡᠴᠠ ᠪᠠᠰᠠ ᠲᠠᠪᠠᠪᠠ 》ᠬᠡᠵᠤ ᠦᠨᠡᠯᠡᠵᠠᠢ᠃ ᠨᠢᠭᠡᠠ ᠴᠠᠭ ᠤᠨ ᠪᠤᠯᠭᠤᠮᠵᠢ  ᠦᠭᠡᠢ ᠡᠴᠠ ᠪᠤᠯᠤᠭᠰᠠᠨ ᠪᠢᠵᠡ᠂ ᠲᠡᠷᠡ 《ᠬᠠᠢᠷ᠎ᠠ
》 ᠬᠡᠰᠡᠨ ᠦᠭᠡ ᠶᠢᠨ ᠪᠡᠨ ᠨᠢᠭᠡ ᠴᠠᠭᠠᠨ ᠲᠤᠯᠤᠭᠠᠢ ᠶᠢ ᠨᠢ ᠲᠤᠳᠠᠭᠤ ᠪᠢᠴᠢᠴᠢᠬᠡᠭᠰᠡᠨ ᠪᠠᠢᠯ᠎ᠠ᠃

ᠲᠡᠷᠡ ᠦᠶ᠎ᠠ ᠳ᠋ᠤ ᠰᠲ᠋ᠠᠯᠢᠨ ᠤ ᠪᠢᠴᠢᠭᠰᠡᠨ ᠵᠦᠢᠯ ᠦᠨ ᠨᠢᠭᠤᠴᠠ ᠶᠢ ᠬᠠᠮᠠᠭᠠᠯᠠᠬᠤ ᠴᠢᠬᠤᠯᠠᠳᠠᠢ ᠡᠴᠠ ᠦᠷᠭᠦᠯᠵᠢ ᠰᠤᠩᠭᠤᠯᠳᠠ ᠲᠠᠢ ᠪᠠᠷ ᠨᠡᠢᠳᠡᠯᠡᠳᠡᠭ ᠪᠠᠢᠪᠠ᠃ ᠭᠡᠳᠡᠯ᠎ᠠ ᠨᠢᠭᠡᠨ ᠰᠤᠨᠢᠨ ᠤ ᠬᠤᠷᠢᠶ᠎ᠡ ᠡᠨᠡ ᠦᠨᠡᠯᠡᠯᠳᠡ ᠶᠢᠨ ᠦᠭᠡ ᠶᠢ ᠤᠤᠯ ᠬᠡᠪ ᠢᠶᠡᠷ ᠨᠢ ᠨᠡᠢᠳᠡᠯᠡᠵᠤ᠂ ᠤᠯᠠᠨ ᠤ ᠶᠠᠷᠢᠶ᠎ᠠ ᠬᠡᠯᠡᠯᠴᠡᠭᠡ ᠶᠢ ᠡᠭᠦᠰᠭᠡᠵᠡᠢ᠃ ᠤᠯᠠᠨ ᠤᠳᠬ᠎ᠠ ᠵᠤᠬᠢᠶᠠᠯᠴᠢ ᠪᠠ ᠦᠰᠦᠭ ᠪᠢᠴᠢᠭ ᠤᠨ ᠰᠤᠳᠤᠯᠭᠠᠲᠠᠨ ᠪᠦᠷ ᠦᠭᠡᠢᠭᠦᠦ ᠠᠩᠬᠢ ᠪᠠ ᠬᠦᠷᠦᠩᠭᠡᠲᠡᠨ ᠠᠩᠬᠢ ᠶᠢᠨ 《ᠬᠠᠢᠷ᠎ᠠ 》 ᠨᠢ ᠦᠰᠦᠭ ᠪᠢᠴᠢᠭ ᠲᠡᠭᠡᠷᠡᠬᠢ ᠡᠢᠯᠭᠠᠭ᠎ᠠ ᠲᠠᠢ ᠶᠤᠮ ᠤᠤ᠂ ᠰᠲ᠋ᠠᠯᠢᠨ ᠶᠠᠮᠠᠷ ᠰᠢᠤᠬᠠᠨ ᠰᠡᠳᠬᠢᠯᠭᠡ ᠶᠢ ᠡᠢᠯᠡᠳᠬᠡᠬᠦ ᠬᠡᠵᠤ ᠪᠠᠢᠬᠤ ᠪᠤᠢ ᠭᠡᠭᠦᠴᠢᠯᠡᠨ ᠭᠡᠷᠡᠴᠢᠯᠡᠵᠦ ᠨᠤᠳᠠᠯᠠᠬᠤ ᠪᠠᠷ ᠤᠷᠤᠯᠳᠤᠵᠠᠢ᠃ ᠨᠡᠩ ᠴᠦ ᠰᠲ᠋ᠠᠯᠢᠨ ᠤ ᠤᠯᠤᠰ ᠲᠦᠷᠦ ᠶᠢᠨ ᠲᠠᠢᠰᠤᠨ ᠨᠢ ᠬᠠᠷᠢᠨ ᠳᠤᠬᠢᠶᠠᠯ ᠢ ᠠᠰᠢᠭᠯᠠᠨ ᠵᠤᠷᠢᠭᠤᠳᠠ ᠰᠲ᠋ᠠᠯᠢᠨ ᠤ ᠳᠤᠬᠠᠢ ᠴᠤᠤᠷᠬᠠᠯ ᠲᠠᠷᠬᠠᠭᠠᠵᠤ᠂ ᠲᠡᠭᠦᠨ ᠢ ᠲᠠᠢᠰᠠᠨ ᠡᠴᠠ ᠲᠠᠳᠠᠨ ᠪᠠᠭᠤᠯᠬᠠᠬᠤ ᠪᠠᠷ ᠰᠠᠨᠠᠭᠠᠷᠬᠠᠵᠠᠢ᠃

ᠰᠲ᠋ᠠᠯᠢᠨ ᠤᠳᠠᠯ  ᠦᠭᠡᠢ ᠳᠤᠤᠷᠠᠭᠢ ᠭᠦᠮᠦᠰ ᠦᠨ ᠢᠶᠡᠨ ᠮᠡᠳᠡᠭᠦᠯᠦᠯᠲᠡ ᠪᠡᠷ ᠡᠨᠡ ᠴᠢᠮᠡᠭᠡ ᠶᠢ ᠮᠡᠳᠡᠵᠤ᠂ ᠲᠤᠰ ᠬᠡᠷᠡᠭ ᠡᠴᠠ ᠪᠤᠯᠤᠭᠰᠠᠨ ᠨᠦᠯᠦᠭᠡ ᠶᠢ ᠦᠪᠠᠷ ᠢᠶᠠᠨ ᠬᠠᠷᠢᠭᠤᠴᠠᠨ᠎ᠠ ᠬᠡᠵᠤ ᠲᠡᠷᠡ ᠨᠠᠮ ᠲᠤᠭᠳᠠᠭᠤᠨ ᠢᠶᠠᠷ ᠡᠢᠯᠡᠷᠬᠡᠢᠯᠡᠵᠡᠢ᠃ ᠲᠡᠭᠡᠭᠡᠳ ᠲᠡᠷᠡ ᠲᠤᠤᠷ᠎ᠠ ᠪᠠᠨ᠄ ᠵᠡᠭᠡᠯᠢ ᠲᠡᠭᠡᠷᠡᠬᠢ ᠶᠡᠷᠢᠶ᠎ᠠ ᠬᠡᠯᠡᠯᠴᠡᠬᠡ ᠪᠤᠯ ᠪᠤᠷᠤᠭᠤ ᠶᠤᠮ ᠂ ᠲᠡᠷᠨ 《ᠬᠠᠢᠷ᠎ᠠ 》 ᠬᠡᠰᠡᠨ ᠦᠭᠡ ᠪᠤᠯ ᠵᠦᠪᠬᠡᠨ ᠦᠰᠦᠭ ᠦᠨ ᠠᠯᠳᠠᠭ᠎ᠠ ᠯᠠ ᠲᠡᠳᠦᠢ ᠭᠡᠵᠡᠢ᠃ ᠢᠩᠭᠢᠭᠡᠳ ᠰᠲ᠋ᠠᠯᠢᠨ ᠤ ᠤᠯᠤᠰ ᠲᠦᠷᠦ ᠶᠢᠨ ᠲᠠᠢᠰᠤᠨ ᠤ ᠲᠠᠷᠬᠠᠭᠠᠭᠰᠠᠨ ᠴᠤᠤᠷᠬᠠᠯ ᠨᠢ ᠮᠠᠰᠢ ᠲᠦᠷᠭᠡᠨ ᠨᠠᠮᠳᠠᠵᠤ ᠂ ᠰᠲ᠋ᠠᠯᠢᠨ ᠤ ᠨᠡᠷ᠎ᠠ ᠲᠦᠷᠦ ᠳ᠋ᠤ ᠬᠤᠬᠢᠷᠠᠯ ᠪᠤᠯᠤᠭᠰᠠᠨ ᠦᠭᠡᠢ ᠮᠦᠷᠳᠡᠭᠡᠨ ᠬᠠᠷᠢᠨ ᠲᠡᠭᠦᠨ ᠦ ᠰᠢᠭᠤᠤᠨ ᠰᠢᠯᠤᠭᠤᠨ ᠵᠠᠡᠭ ᠡᠴᠠ ᠪᠤᠯᠵᠤ ᠨᠡᠡᠭ ᠤᠯᠠᠨ ᠬᠦᠮᠦᠨ ᠦ ᠡᠢᠳᠡᠬᠡᠯ ᠢ ᠤᠯᠵᠠᠢ᠃

ᠦᠪᠡᠷ ᠦᠨ ᠲᠤᠳᠠᠭᠳᠠᠯ ᠪᠠ ᠠᠯᠳᠠᠭ᠎ᠠ ᠪᠠᠨ ᠵᠤᠷᠢᠭ ᠲᠠᠢ ᠢᠶᠠᠷ ᠮᠡᠳᠡᠷᠡᠬᠦ ᠪᠤᠯ ᠨᠢᠭᠡ ᠵᠦᠢᠯ ᠦᠨ ᠡᠢᠳᠡᠬᠡᠮᠵᠢ ᠲᠡᠢ ᠰᠠᠢᠬᠠᠨ ᠵᠠᠡᠭ ᠪᠤᠯᠬᠤ ᠪᠥᠬᠡᠳ ᠠᠷᠠᠳ ᠤᠯᠠᠨ ᠤ ᠡᠢᠳᠡᠬᠡᠯ ᠢ ᠤᠯᠬᠤ ᠵᠠᠰᠠᠭ ᠤᠨ ᠡᠷᠬᠡ ᠪᠠᠷᠢᠭᠴᠢᠳ ᠤᠨ ᠨᠢᠭᠡᠨ ᠤᠪᠠᠳᠢᠰ ᠴᠤ ᠭᠡᠯᠳᠡᠢ ᠃ (《ᠪᠥᠮᠪᠥᠷᠴᠡᠭ ᠦᠨ ᠬᠥᠮᠥᠨ 》 ᠰᠡᠳᠬᠥᠯ ᠡᠴᠠ ᠤᠷᠴᠢᠭᠤᠯᠪᠠ )

ᠦᠪᠦᠷ ᠮᠣᠩᠭᠣᠯ ᠤᠨ ᠡᠳᠦᠷ ᠦᠨ ᠰᠣᠨᠢᠨ

斯大林的错别字

斯大林是苏联执政时间最长的最高领导人。他自1922年执掌大权到1953年去世,其间—直拥有很高的威信。一天,斯大林读完高尔基的小说《少女与死神》后,十分欣赏,在书的最后一页写下“这本书写得比歌德的《浮士德》还要强有力,爱情战胜死亡”的评语。也许是一时大意,他竟然把“爱”字漏写了一个字母。

 
 
Posted in ᠴᠢᠯᠤᠭᠡᠲᠦ ᠴᠠᠭ |茶余饭后 and tagged .