《 ᠮᠠᠩᠬᠠᠨ ᠠᠶᠠᠯᠭᠤ》 ᠺᠢᠨᠣ᠋ ᠲᠡᠯᠡᠭᠡᠢ ᠵᠢᠨ ··· 《 漫瀚调》荣获世界民族电影节最佳原创音乐奖最佳影片提名奖

 
 

《 ᠮᠠᠩᠬᠠᠨ ᠠᠶᠠᠯᠭᠤ》 ᠺᠢᠨᠣ᠋ ᠲᠡᠯᠡᠭᠡᠢ ᠵᠢᠨ ᠦᠨᠳᠦᠰᠦᠲᠡᠨ ᠦ ᠺᠢᠨᠤ᠋ ᠵᠢᠨ ᠪᠠᠶᠠᠷ ᠤᠨ ᠰᠢᠯᠢᠳᠡᠭ ᠠᠩᠬᠠᠨ ᠤ ᠪᠦᠲᠦᠭᠡᠯᠳᠤ ᠲᠠᠭᠤᠤ ᠵᠢᠨ ᠱᠠᠩᠨᠠᠯ ᠪᠤᠯᠤᠨ ᠰᠢᠯᠢᠳᠡᠭ ᠺᠢᠨᠤ᠋ ᠵᠢᠨ ᠨᠡᠷ᠎ᠡ ᠲᠤᠷᠠᠳᠤᠯᠭ᠎ᠠ ᠵᠢᠨ ᠱᠠᠩᠨᠠᠯ ᠬᠦᠷᠲᠡᠪᠡ

13 ᠳ᠋ᠤᠭᠠᠷ ᠬᠤᠭᠤᠴᠠᠭᠠᠨ ᠤ ᠲᠡᠯᠡᠭᠡᠢ ᠵᠢᠨ ᠦᠨᠳᠦᠰᠦᠲᠡᠨ ᠦ ᠺᠢᠨᠤ᠋ ᠵᠢᠨ ᠪᠠᠶᠠᠷ ᠤᠨ ᠱᠠᠩᠨᠠᠯ ᠤᠯᠭᠤᠬᠤ ᠶᠤᠰᠤᠯᠠᠯ ᠲᠦᠷᠦᠬᠦᠭᠡᠨ ᠠᠮᠧᠷᠢᠺᠠ ᠵᠢᠨ ᠯᠣᠰ ᠠᠩᠵᠧᠯᠧᠰ ᠲᠤ ᠶᠠᠪᠤᠭᠳᠠᠪᠠ᠃ ᠦᠪᠤᠷ ᠮᠤᠩᠭᠤᠯ ᠤᠨ ᠺᠢᠨᠤ᠋ ᠵᠢᠨ ᠪᠦᠯᠦᠭᠯᠡᠯ ᠵᠤᠬᠢᠶᠠᠨ ᠪᠦᠲᠦᠭᠡᠵᠤ᠂ ᠵᠠᠩ ᠪᠢᠩ ᠢ ᠵᠦᠴᠦᠭᠡ ᠵᠢ ᠨᠠᠢᠷᠠᠭᠤᠯᠤᠨ᠂ ᠵᠤᠤ ᠬᠦᠧᠸ ᠬᠤᠧᠠ ᠤᠳᠤᠷᠢᠭᠰᠠᠨ ᠦᠨᠳᠦᠰᠦᠲᠡᠨ ᠦ ᠰᠡᠳᠦᠪᠳᠤ ᠺᠢᠨᠤ᠋ 《ᠮᠠᠩᠬᠠᠨ ᠠᠶᠠᠯᠭᠤ》ᠨᠢ ᠰᠢᠯᠢᠳᠡᠭ ᠠᠩᠬᠠᠨ ᠤ ᠪᠦᠲᠦᠭᠡᠯᠳᠤ ᠲᠠᠭᠤᠤ ᠵᠢᠨ ᠱᠠᠩᠨᠠᠯ ᠪᠤᠯᠤᠨ ᠰᠢᠯᠢᠳᠡᠭ ᠺᠢᠨᠤ᠋ ᠵᠢᠨ ᠨᠡᠷ᠎ᠡ ᠲᠤᠷᠠᠳᠤᠯᠭ᠎ᠠ ᠵᠢᠨ ᠱᠠᠩᠨᠠᠯ ᠬᠦᠷᠲᠡᠪᠡ᠃

ᠲᠤᠰ ᠺᠢᠨᠤ᠋ ᠨᠢ ᠮᠠᠩᠬᠠᠨ ᠲᠠᠭᠤᠤ ᠵᠢᠨ ᠰᠤᠶᠤᠯ ᠳ᠋ᠤ ᠰᠠᠭᠤᠷᠢᠯᠠᠨ᠂ ᠬᠠᠷ᠎ᠠ ᠲᠠᠮᠠᠬᠢ ᠵᠢᠨ ᠲᠠᠢᠨ ᠤ ᠲᠠᠷᠠᠭᠠᠬᠢ ᠴᠢᠩ ᠤᠯᠤᠰ ᠤᠨ ᠵᠠᠰᠠᠭ ᠤᠨ ᠤᠷᠳᠤᠨ ᠤ ᠤᠷᠳᠤᠰ ᠨᠤᠳᠤᠭ ᠠᠴᠠ ᠶᠡᠭᠡ ᠪᠡᠷ ᠴᠡᠷᠢᠭ ᠮᠤᠷᠢ᠂ ᠭᠠᠢᠯᠢ ᠭᠤᠪᠴᠢᠭᠤᠷ ᠲᠠᠳᠠᠪᠤᠷᠢᠯᠠᠵᠤ᠂ ᠶᠡᠭᠡ ᠬᠡᠪᠴᠢᠶ᠎ᠡ ᠪᠡᠷ ᠠᠳᠠᠷ ᠬᠠᠭᠠᠯᠪᠤᠷᠢᠯᠠᠵᠤ ᠪᠠᠢᠭᠰᠠᠨ ᠶᠠᠪᠤᠳᠠᠯ ᠵᠢᠡᠷ ᠠᠷᠤ ᠦᠵᠡᠭᠳᠡᠯ ᠪᠤᠯᠭᠠᠵᠤ᠂ ᠮᠤᠩᠭᠤᠯ ᠬᠢᠳᠠᠳ ᠠᠷᠠᠳ ᠲᠦᠮᠡᠨ ᠤ ᠬᠠᠷᠬᠢᠰ ᠲᠠᠢᠰᠤᠨ ᠢ ᠬᠠᠮᠳᠤᠪᠡᠷ ᠵᠠᠨᠤᠵᠤ᠂ ᠴᠢᠩ ᠤᠨ ᠲᠦᠷᠦ ᠵᠢ ᠡᠷᠡᠯᠭᠡᠭᠯᠡᠨ ᠡᠰᠡᠷᠬᠦᠴᠡᠭᠰᠡᠨ ᠲᠡᠮᠡᠴᠡᠯ ᠵᠢᠴᠢ ᠮᠤᠩᠭᠤᠯ ᠬᠡᠦᠭᠡᠨ ᠲᠤᠯᠮ᠎ᠠ ᠪᠤᠯᠤᠨ ᠬᠢᠳᠠᠳ ᠵᠠᠯᠠᠭᠤ ᠯᠢ ᠴᠢᠩ ᠾᠸ ᠵᠢᠨ ᠬᠠᠢᠷ᠎ᠠ ᠲᠤᠷᠠᠯᠠᠯ ᠤᠨ ᠦᠯᠢᠭᠡᠷ ᠵᠢᠡᠷ ᠭᠤᠤᠯ ᠰᠢᠵᠢᠮ ᠪᠤᠯᠭᠠᠨ᠂ ᠮᠤᠩᠭᠤᠯ ᠬᠢᠳᠠᠳ ᠦᠨᠳᠦᠰᠦᠲᠡᠨ ᠦ ᠡᠯᠢᠭᠡᠰᠡᠭ ᠲᠤᠳᠤᠨᠤ ᠬᠦᠨ ᠵᠤᠵᠠᠭᠠᠨ ᠬᠠᠢᠷ᠎ᠠ ᠰᠡᠳᠬᠢᠯᠭᠡ ᠵᠢ ᠪᠠᠬᠠᠳᠤᠨ ᠲᠠᠭᠤᠯᠠᠭᠰᠠᠨ ᠪᠠᠢᠨ᠎ᠠ᠃

ᠠᠷᠠᠳ ᠤᠨ ᠰᠦᠯᠵᠢᠶ᠎ᠡ

《漫瀚调》荣获世界民族电影节最佳原创音乐奖最佳影片提名奖

第13届世界民族电影节颁奖典礼近日在美国洛杉矶举办。由内蒙古电影集团创作、张秉毅担任编剧、赵国桦执导的民族题材电影《漫瀚调》,荣获最佳原创音乐奖和最佳影片提名奖。

影片基于漫瀚调的文化内涵,以鸦片战争后清政府在鄂尔多斯地区大力征兵筹饷、摊派驮马,大面积开垦牧场为背景,以蒙汉人同仇敌忾、奋起反抗清王朝和蒙古族姑娘都丽玛和汉族小伙李清河的爱情故事为主要情节,热情讴歌了蒙汉民族亲如一家的深厚情谊。

 
 
Posted in ᠰᠤᠶᠤᠯ ᠤᠷᠠᠯᠢᠭ |文化信息 and tagged .