ᠭᠠᠭᠴᠠ ᠤᠯᠠᠭᠠᠨ ᠨᠠᠪᠴᠢ 一枝红叶

 
 

ᠭᠠᠭᠴᠠ ᠤᠯᠠᠭᠠᠨ ᠨᠠᠪᠴᠢ

      ᠵᠣᠬᠢᠶᠠᠭᠴᠢ᠄  ﹇ᠮᠣᠩᠭᠤᠯ﹈ ᠪ᠊ · ᠴᠣᠣᠵᠢᠴᠢᠯᠠᠭᠤᠨᠴᠡᠴᠡᠭ

ᠲᠡᠷᠡ ᠴᠢᠷᠠᠢ ᠮᠠᠭᠤᠲᠠᠢ᠃ ᠭᠡᠬᠦ ᠳᠡᠭᠡᠨ ᠯᠠ ᠴᠠᠭᠠᠨ᠎ᠠ ᠪᠠᠨ ᠯᠠ ᠨᠢᠭᠡ ᠰᠡᠳᠬᠢᠯ ᠲᠠᠲᠠᠮ᠎ᠠ ᠳᠤᠯᠠᠭᠠᠬᠠᠨ ᠲᠥᠷᠬᠦ ᠲᠠᠢ᠃ ᠠᠳᠠᠶᠢᠷ ᠮᠠᠭᠤᠬᠠᠢ ᠠᠭᠠᠰᠢ ᠲᠠᠢ᠃ ᠲᠡᠭᠡᠭᠰᠡᠨ ᠬᠢᠷᠢᠨ᠎ᠡ ᠦᠭᠡ ᠪᠦᠷᠢ ᠨᠢ ᠰᠡᠳᠬᠢᠯ ᠳᠤ ᠵᠡᠭᠦᠦ ᠮᠡᠲᠦ ᠰᠢᠪᠡᠵᠦ ᠣᠷᠣᠳᠠᠭ ᠥᠬᠢᠨ ᠪᠠᠶᠢᠯ᠎ᠠ᠃ ᠠᠭᠤᠯᠵᠠᠶ᠎ᠠ ᠭᠡᠬᠦ ᠪᠠᠷ 《ᠦᠭᠡᠢ 》 ᠭᠡᠵᠤ ᠵᠥᠷᠢᠭᠦᠳᠯᠡᠨ᠎ᠡ᠃ ᠠᠭᠤᠯᠵᠠᠬᠤ ᠦᠭᠡᠢ ᠳ᠋ᠧ ᠭᠡᠵᠤ ᠪᠣᠳᠣᠬᠤ ᠪᠠᠷ 《 ᠬᠦᠷᠦᠭᠡᠳ ᠢᠷᠡᠭᠡᠴᠢ》 ᠭᠡᠵᠤ ᠳᠠᠭᠤᠳᠠᠨ᠎ᠠ᠃ ᠬᠠᠶᠠᠭᠠᠳ ᠶᠠᠪᠤᠴᠢᠬᠠᠶ᠎ᠠ ᠭᠡᠬᠦ ᠪᠠᠷ ᠬᠠᠴᠢᠨ ᠶᠡᠭᠡ ᠭᠤᠨᠢᠭᠯᠠᠨ᠎ᠠ᠃ ᠬᠠᠮᠲᠤ ᠪᠠᠶᠢᠶ᠎ᠠ ᠭᠡᠬᠦ ᠪᠠᠷ ᠬᠠᠯᠳᠠᠵᠤ᠂ ᠣᠶᠢᠷᠠᠳᠴᠤ ᠴᠢᠳᠠᠬᠤ ᠦᠭᠡᠢ ᠵᠣᠪᠠᠨ᠎ᠠ᠃ ᠶᠠᠭᠠᠬᠢᠭᠠᠳ ᠴᠦ ᠶᠤᠮ ᠲᠡᠭᠦᠨ ᠢ ᠬᠦᠯᠢᠶᠡᠬᠦ᠂ ᠡᠰᠡᠪᠡᠯ ᠪᠦᠷ ᠣᠷᠣ ᠲᠠᠰ ᠮᠠᠷᠲᠠᠬᠤ ᠶᠢ ᠬᠦᠰᠡᠭᠰᠡᠨ ᠴᠦ ᠴᠢᠳᠠᠳᠠᠭ ᠦᠭᠡᠢ ᠪᠠᠶᠢᠯ᠎ᠠ᠃ ᠨᠢᠭᠡ ᠡᠳᠦᠷ ᠬᠠᠭᠠᠯᠭᠠᠨ ᠤ ᠬᠤᠩᠬᠤ ᠲᠠᠰᠤᠷᠠᠯᠲᠠ ᠦᠭᠡᠢ ᠵᠢᠩᠭᠢᠨᠡᠪᠡ᠃ ᠣᠴᠢᠬᠤ ᠶᠢᠨ ᠬᠤᠭᠤᠷᠣᠨᠳᠤ ᠶᠠᠮᠠᠷ ᠤᠳᠠᠭᠠᠨ ᠳᠠᠷᠤᠳᠠᠭ ᠶᠤᠮ ᠪᠣᠢ ᠳ᠋ᠧ ᠬᠡᠮᠡᠨ ᠤᠴᠠᠭᠠᠷᠯᠠᠨ ᠪᠣᠳᠣᠭᠰᠠᠭᠠᠷ ᠬᠠᠭᠠᠯᠭ᠎ᠠ ᠨᠡᠭᠡᠭᠡᠲᠡᠯ᠎ᠡ ᠨᠥᠬᠦᠭᠡ ᠥᠬᠢᠨ᠃

ᠲᠡᠭᠦᠨ ᠤ ᠨᠢᠳᠦ ᠶᠠᠭ ᠯᠠ ᠴᠤᠭ ᠰᠢᠭ ᠭᠢᠯᠠᠯᠵᠠᠵᠤ
- ᠭᠠᠷᠤᠭᠠᠳ ᠢᠷ᠎ᠡ ᠭᠡᠰᠡᠨ ᠢᠶᠠᠨ ᠬᠦᠶ᠋ᠢ ᠭᠡᠬᠦ ᠶᠢᠨ ᠵᠠᠪᠳᠤᠯ ᠦᠭᠡᠢ ᠱᠠᠲᠤ ᠤᠷᠤᠭᠤᠳᠠᠭᠠᠳ ᠭᠦᠶᠦᠴᠢᠬᠡᠪᠡ᠃ ᠭᠡᠷ ᠲᠤ ᠪᠠᠨ ᠣᠷᠣᠵᠤ᠂ ᠬᠤᠪᠴᠠᠰᠤ ᠪᠠᠨ ᠡᠮᠦᠰᠴᠦ᠂ ᠬᠠᠭᠠᠯᠭ᠎ᠠ ᠪᠠᠨ ᠲᠦᠭᠵᠢᠬᠦ ᠭᠡᠵᠤ ᠪᠤᠳᠤᠯᠬᠢᠯᠰᠠᠭᠠᠷ ᠠᠷᠤ ᠠᠴᠠ ᠨᠢ ᠭᠠᠷᠴᠤ ᠢᠷᠡᠪᠡᠯ ᠣᠷᠤᠴᠠᠨ ᠤ ᠡᠭᠦᠳᠡᠨ ᠳᠡᠭᠡᠷ᠎ᠡ ᠶᠡᠭᠡ ᠯᠠ ᠤᠳᠠᠭᠠᠨ ᠬᠦᠯᠢᠶᠡᠵᠦ᠂ ᠵᠠᠯᠬᠠᠭᠰᠠᠨ ᠬᠥᠮᠥᠨ ᠤ ᠰᠢᠨᠵᠢᠲᠡᠢ

- ᠶᠠᠮᠠᠷ ᠶᠡᠭᠡ ᠤᠳᠠᠳᠠᠭ ᠶᠤᠮ ᠪᠣᠢ︖ ᠵᠥᠩᠳᠡᠭᠡᠨ ᠬᠦᠯᠢᠶᠡᠯ᠎ᠡ᠃ ᠥᠨᠥᠳᠥᠷ ᠪᠢ ᠴᠢᠮᠠᠢ ᠪᠣᠯᠵᠣᠭᠠᠨ ᠳᠤ ᠤᠷᠢᠨ᠎ᠠ ᠭᠡᠰᠡᠨ ᠢᠶᠠᠨ ᠦᠭᠡ ᠬᠡᠯᠡᠬᠦ ᠴᠦ ᠪᠣᠯᠣᠮᠵᠢ ᠣᠯᠭᠤᠭᠰᠠᠨ ᠦᠭᠡᠢ ᠰᠢᠭᠤᠳ ᠯᠠ ᠭᠠᠷ ᠠᠴᠠ ᠮᠢᠨᠢ ᠠᠳᠬᠤᠭᠠᠳ ᠠᠪᠤᠯ᠎ᠠ᠃ ᠬᠠᠮᠢᠭᠠᠰᠢ ᠪᠠᠨ ᠶᠠᠪᠤᠬᠤ ᠶᠤᠮ ᠭᠡᠪᠡᠯ

- ᠨᠠᠮᠤᠷ ᠤᠨ ᠴᠡᠴᠡᠷᠯᠢᠭ ᠲᠤ ᠵᠤᠭᠠᠯᠠᠨ᠎ᠠ ᠭᠡᠰᠡᠨ ᠢᠶᠠᠨ ᠴᠢᠮᠡᠭᠡ ᠦᠭᠡᠶᠢᠬᠡᠨ ᠢᠨᠢᠶᠡᠮᠰᠦᠭᠯᠡᠪᠡ᠃ ᠪᠢᠳᠡ ᠠᠯᠬᠤᠭᠰᠠᠭᠠᠷ ᠮᠥᠷᠡᠨ ᠤ ᠭᠤᠣᠯ ᠤᠨ ᠡᠷᠭᠢ ᠳᠤ ᠪᠠᠶᠢᠷᠢᠯᠠᠬᠤ ᠵᠠᠯᠠᠭᠤᠴᠤᠳ ᠤᠨ ᠴᠡᠴᠡᠷᠯᠢᠭ ᠲᠤ ᠢᠷᠡᠯ᠎ᠡ᠃ ᠪᠢᠲᠡᠭᠦᠦ ᠰᠢᠪ ᠰᠢᠷ᠎ᠠ ᠨᠠᠪᠴᠢ ᠳᠡᠪᠢᠰᠦᠭᠰᠡᠨ ᠨᠠᠮᠤᠷ ᠤᠨ ᠴᠡᠴᠡᠷᠯᠢᠭ ᠲᠤ ᠨᠠᠮ ᠭᠦᠮ᠃ ᠲᠡᠷᠡ ᠢᠨᠢᠶᠡᠮᠰᠦᠭᠯᠡᠭᠰᠡᠨ ᠢᠶᠠᠨ

- ᠪᠢ ᠠᠳᠡ ᠥᠴᠥᠭᠡᠳᠦᠷᠵᠢᠨ ᠰᠠᠭᠤᠭᠰᠠᠨ᠃ ᠶᠠᠭ ᠯᠠ ᠨᠠᠪᠴᠢᠰ ᠢᠶᠠᠷ ᠪᠣᠷᠤᠭ᠎ᠠ ᠣᠷᠣᠵᠤ ᠪᠠᠶᠢᠭ᠎ᠠ ᠶᠤᠮ ᠰᠢᠭ ᠭᠤᠶᠣ ᠪᠠᠶᠢᠭᠰᠠᠨ᠃ ᠲᠣᠮᠣ ᠲᠣᠮᠣ ᠰᠢᠷ᠎ᠠ ᠨᠠᠪᠴᠢᠰ ᠠᠯᠭᠤᠷᠬᠠᠨ ᠡᠷᠭᠢᠯᠳᠦᠭᠰᠡᠭᠡᠷ ᠬᠥᠯ ᠤᠨ ᠳᠣᠣᠷ᠎ᠠ ᠤᠨᠠᠭᠠᠳ ᠯᠠ ᠁ ᠥᠴᠥᠭᠡᠳᠦᠷᠵᠢᠨ ᠪᠦᠬᠦ ᠨᠠᠪᠴᠢᠰ ᠢᠶᠠᠨ ᠭᠦᠪᠢᠵᠦ ᠳᠠᠭᠤᠰᠤᠭᠰᠠᠨ ᠮᠣᠳᠣᠳ ᠣᠳᠣ ᠡᠴᠡᠵᠦ᠂ ᠶᠠᠳᠠᠷᠠᠭᠠᠳ ᠠᠮᠠᠷᠠᠵᠤ ᠪᠠᠶᠢᠭ᠎ᠠ ᠶᠤᠮᠰᠢᠭ ᠯᠠ ᠬᠠᠷᠠᠭᠳᠠᠵᠤ ᠪᠠᠶᠢᠨ᠎ᠠ ᠭᠡᠰᠡᠨ ᠢᠶᠠᠨ ᠭᠤᠨᠢᠭᠲᠠᠶᠢᠬᠠᠨ ᠢᠨᠢᠶᠡᠮᠰᠦᠭᠯᠡᠪᠡ᠃ ᠶᠠᠭᠠᠬᠢᠭᠠᠳ ᠴᠦ ᠶᠤᠮ ᠨᠠᠳᠠ ᠳᠤ ᠬᠠᠷᠠᠳᠠᠬᠤ᠂ ᠬᠠᠷᠮᠠᠯᠠᠬᠤ ᠰᠡᠳᠬᠢᠯ ᠲᠥᠷᠥᠭᠡᠳ ᠪᠣᠯᠳᠠᠭ ᠦᠭᠡᠢ᠃
- ᠴᠢ ᠠᠳᠡ ᠥᠴᠥᠭᠡᠳᠦᠷ ᠬᠡᠨ ᠢ ᠪᠣᠯᠵᠣᠭᠠᠨ ᠳᠤ ᠤᠷᠢᠭᠰᠠᠨ ᠶᠤᠮ ᠭᠡᠵᠤ ᠣᠭᠵᠣᠮ ᠠᠰᠠᠭᠤᠯ᠎ᠠ᠃ ᠲᠡᠷᠡ ᠭᠠᠶᠢᠬᠠᠭᠰᠠᠨ ᠨᠢᠳᠦ ᠪᠠᠷ ᠨᠠᠮᠠᠶᠢ ᠬᠠᠷᠠᠵᠤ ᠪᠠᠶᠢᠭᠰᠠᠨ ᠢᠶᠠᠨ

- ᠥᠪᠡᠷ ᠢ ᠪᠠᠨ ᠪᠣᠯᠵᠣᠭᠠᠨ ᠳᠤ ᠤᠷᠢᠭᠰᠠᠨ ᠶᠤᠮ᠃ ᠠᠳᠡ ᠡᠳᠦᠷᠵᠢᠨ ᠰᠠᠭᠤᠬᠤ ᠳᠠᠭᠠᠨ ᠬᠠᠴᠢᠨ ᠭᠤᠶᠣ᠂ ᠨᠠᠮ ᠭᠦᠮ ᠡᠨᠡ ᠴᠡᠴᠡᠷᠯᠢᠭ ᠲᠤ ᠴᠢᠮ᠎ᠠ ᠲᠠᠢ ᠬᠠᠮᠲᠤ ᠰᠠᠭᠤᠪᠠᠯ ᠶᠠᠮᠠᠷ ᠭᠤᠶᠣ ᠪᠠᠶᠢᠬᠤ ᠪᠣᠯ ᠭᠡᠵᠤ ᠪᠣᠳᠣᠭᠰᠠᠨ ᠶᠤᠮ ᠭᠡᠰᠡᠨ ᠢᠶᠠᠨ ᠴᠢᠮᠡᠭᠡ ᠦᠭᠡᠢ ᠪᠣᠯᠴᠢᠬᠠᠪᠠ᠃

ᠲᠡᠷᠡ ᠭᠤᠮᠣᠳᠠᠭᠰᠠᠨ ᠨᠢ ᠢᠯᠡᠳᠲᠡ᠃ ᠪᠢᠳᠡ ᠴᠢᠮᠡᠭᠡ ᠦᠭᠡᠢ ᠰᠠᠭᠤᠭᠰᠠᠭᠠᠷ ᠁ ᠨᠢᠮᠭᠡᠨ ᠴᠡᠩᠬᠡᠷ ᠴᠤᠪᠠ ᠶᠢᠨ ᠬᠢ  ᠨᠢ ᠬᠤᠷᠮᠣᠢ ᠰᠠᠯᠬᠢᠨ ᠳᠤ ᠳᠡᠪᠡᠯᠵᠡᠵᠦ᠂ ᠰᠠᠨᠴᠢᠭ ᠤᠨ ᠬᠢ ᠨᠢ ᠦᠰᠦ ᠴᠢᠬᠢᠨ ᠤ ᠬᠢ ᠨᠢ ᠠᠷᠤ ᠪᠠᠷ ᠲᠣᠭᠲᠠᠵᠤ ᠥᠭᠬᠦ ᠦᠭᠡᠢ ᠦᠭᠡᠢᠳᠡᠨ᠎ᠡ᠃ ᠥᠬᠢᠨ ᠪᠢᠴᠢᠬᠠᠨ ᠭᠠᠷ ᠢᠶᠠᠷ ᠢᠶᠠᠨ ᠪᠠᠶᠢᠨ ᠪᠠᠶᠢᠨ ᠳᠤᠬᠤ ᠤᠷᠤᠭᠤ ᠨᠢ ᠤᠨᠵᠢᠬᠤ ᠦᠰᠦ ᠪᠠᠨ ᠣᠷᠣᠯᠳᠤᠵᠤ ᠰᠠᠭᠤᠭᠰᠠᠭᠠᠷ ᠁ ᠵᠣᠷᠢᠭ ᠭᠠᠷᠭᠠᠨ ᠲᠡᠭᠦᠨ ᠤ ᠭᠠᠷ ᠠᠴᠠ ᠠᠳᠬᠤᠯ᠎ᠠ᠃ ᠥᠬᠢᠨ ᠭᠠᠷ ᠢᠶᠠᠨ ᠲᠠᠲᠠᠭᠰᠠᠨ ᠦᠭᠡᠢ᠃ ᠥᠬᠢᠨ  ᠦ ᠭᠠᠷ ᠢ ᠴᠢᠩᠭ᠎ᠠ ᠭᠡᠭᠴᠢ ᠠᠳᠬᠤᠭᠠᠳ ᠬᠠᠴᠠᠷ ᠲᠠᠭᠠᠨ ᠨᠠᠭᠠᠯ᠎ᠠ᠃ ᠬᠠᠯᠠᠭᠤ ᠲᠥᠭᠡᠨᠡᠵᠦ ᠪᠠᠶᠢᠪᠠ᠃

- ᠪᠤᠴᠠᠬᠤ ᠤ᠋ᠤ︖ ᠬᠡᠮᠡᠨ ᠠᠰᠠᠭᠤᠪᠠᠯ ᠥᠬᠢᠨ ᠴᠦ ᠲᠣᠯᠣᠭᠠᠢ ᠪᠠᠨ ᠳᠣᠬᠢᠯ᠎ᠠ᠃ ᠬᠥᠯ ᠤᠨ ᠳᠣᠣᠷ᠎ᠠ ᠬᠥᠭᠯᠡᠷᠡᠬᠦ ᠦᠢ ᠣᠯᠠᠨ ᠰᠢᠪ ᠰᠢᠷ᠎ᠠ ᠨᠠᠪᠴᠢᠨ ᠤ ᠳᠤᠮᠳᠠ ᠠᠴᠠ ᠥᠬᠢᠨ ᠶᠠᠭ ᠯᠠ ᠡᠷᠳᠡᠨᠢ ᠣᠯᠣᠭᠰᠠᠨ ᠶᠤᠮ ᠰᠢᠭ ᠤᠤᠯᠭ᠎ᠠ ᠠᠯᠳᠠᠨ  

- ᠡᠭᠦᠨ ᠢ ᠬᠠᠷᠠ ᠳ᠋ᠠ ᠬᠡᠮᠡᠨ ᠢᠨᠢᠶᠡᠮᠰᠦᠭᠯᠡᠪᠡ᠃ ᠲᠣᠮᠣ ᠠᠴᠠ ᠲᠣᠮᠣ ᠤᠯᠠᠭᠠᠨ ᠨᠠᠪᠴᠢ᠃ ᠬᠡᠲᠦᠷᠬᠡᠢ ᠶᠡᠭᠡ ᠨᠠᠷᠠᠨ ᠳᠤ ᠪᠠᠶᠢᠬᠤ ᠪᠠᠷ ᠢᠶᠠᠨ ᠥᠩᠭᠡ ᠨᠢ ᠢᠩᠭᠢᠵᠦ ᠬᠤᠪᠢᠷᠠᠳᠠᠭ ᠶᠤᠮ ᠪᠠᠶᠢᠬᠤ ᠳ᠋ᠠ ᠬᠡᠮᠡᠨ ᠪᠢ ᠲᠣᠭᠤᠮᠵᠢᠷ ᠦᠭᠡᠢ ᠪᠣᠳᠣᠪᠠ᠃ ᠬᠠᠷᠢᠨ ᠥᠬᠢᠨ ᠥᠨᠥᠬᠢ ᠨᠠᠪᠴᠢ ᠪᠠᠨ ᠡᠷᠭᠢᠭᠦᠯᠵᠦ ᠲᠣᠭᠤᠷᠢᠭᠤᠯᠤᠨ ᠬᠠᠷᠠᠭᠰᠠᠭᠠᠷ ᠁

- ᠶᠠᠭ ᠵᠢᠷᠦᠬᠡ ᠰᠢᠭ ᠬᠡᠯᠪᠡᠷᠢ ᠲᠠᠢ ᠶᠤᠮ ᠪᠠᠶᠢᠨ᠎ᠠ᠃ ᠡᠭᠦᠨ ᠢ ᠴᠢᠮ᠎ᠠ ᠲᠠᠢ ᠠᠩᠬ᠎ᠠ ᠤᠳᠠᠭ᠎ᠠ ᠪᠠᠨ ᠪᠣᠯᠵᠣᠭᠰᠠᠨ ᠤ ᠳᠤᠷᠠᠰᠬᠠᠯ ᠪᠣᠯᠭᠠᠨ ᠬᠠᠳᠠᠭᠠᠯᠠᠨ᠎ᠠ ᠭᠡᠰᠡᠨ ᠢᠶᠠᠨ ᠴᠦᠩᠬᠦ ᠪᠠᠨ ᠠᠭᠤᠳᠠᠯᠤᠨ ᠵᠢᠵᠢᠭᠬᠡᠨ ᠲᠡᠮᠳᠡᠭᠯᠡᠯ ᠤᠨ ᠳᠡᠪᠲᠡᠷ ᠭᠠᠷᠭᠠᠵᠤ ᠢᠷᠡᠭᠡᠳ ᠬᠠᠪᠴᠢᠭᠤᠯᠴᠢᠬᠠᠪᠠ᠃
ᠪᠢᠳᠡ ᠠᠯᠬᠤᠭᠰᠠᠭᠠᠷ ᠵᠠᠰᠠᠮᠠᠯ ᠵᠠᠮ ᠳᠡᠭᠡᠷ᠎ᠡ ᠭᠠᠷᠴᠤ ᠢᠷᠡᠯ᠎ᠡ᠃ ᠵᠠᠮ ᠤᠨ ᠬᠠᠵᠠᠭᠤ ᠳᠤ ᠨᠢᠭᠡ ᠰᠣᠭᠲᠣᠭᠤ ᠡᠷ᠎ᠡ ᠭᠠᠷ ᠬᠥᠯ ᠢᠶᠠᠨ ᠲᠡᠩᠨᠡᠨ ᠬᠡᠪᠲᠡᠵᠦ ᠪᠠᠶᠢᠪᠠ᠃ ᠲᠡᠷᠡ ᠰᠠᠨᠠᠭ᠎ᠠ ᠨᠢ ᠵᠣᠪᠠᠭᠰᠠᠨ ᠪᠣᠯᠣᠯᠲᠠᠢ᠃

- ᠬᠥᠭᠡᠷᠦᠬᠦᠢ ᠳ᠋ᠣᠣ᠃ ᠬᠤᠯᠠᠳᠠᠭᠤᠯᠴᠢᠬᠠᠬᠤ ᠶᠤᠮᠰᠠᠨ᠃ ᠮᠠᠰᠢᠨ ᠳᠤ ᠳᠠᠭᠠᠷᠢᠭᠤᠯᠴᠢᠬᠠᠨ᠎ᠠ ᠳ᠋ᠠ᠃ ᠮᠠᠨᠠᠢ ᠠᠳᠡ ᠭᠡᠷᠡᠯ  ᠲᠠᠢ᠂ ᠳᠣᠬᠢᠶ᠎ᠠ ᠲᠠᠢ ᠮᠠᠰᠢᠨ ᠡᠯᠪᠡᠭ ᠪᠠᠶᠢᠬᠤ ᠪᠢᠰᠢ ᠭᠡᠰᠡᠨ ᠢᠶᠠᠨ ᠡᠶᠢᠰᠢ ᠲᠡᠶᠢᠰᠢ ᠪᠠᠨ ᠬᠠᠷᠠᠪᠠ᠃

- ᠬᠦᠶ᠋ᠢ ᠠᠬ᠎ᠠ ᠡ ᠪᠣᠰᠣᠭᠠᠷᠠᠢ᠃ ᠥᠨᠥᠬᠢ ᠰᠣᠭᠲᠣᠭᠤ ᠲᠠᠭ ᠴᠢᠭ᠃ ᠥᠬᠢᠨ ᠬᠠᠨᠴᠤᠢ ᠠᠴᠠ ᠨᠢ ᠲᠠᠲᠠᠵᠤ ᠪᠠᠭ᠋ᠠᠨ ᠳᠠᠭᠤᠳᠠᠯ᠎ᠠ᠃ ᠲᠡᠭᠡᠭᠰᠡᠨ ᠢᠶᠠᠨ ᠨᠠᠳᠠ ᠤᠷᠤᠭᠤ ᠬᠠᠷᠠᠵᠤ

- ᠴᠢ ᠡᠨᠡ ᠬᠥᠮᠥᠨ ᠢ ᠴᠢᠷᠦᠭᠡᠳ ᠲᠡᠷᠡ ᠬᠠᠰᠢᠯᠭ᠎ᠠ ᠨᠠᠭᠠᠯᠳᠤᠭᠤᠯᠤᠭᠠᠳ ᠥᠭᠭᠦᠭᠡᠴᠢ ᠭᠡᠳᠡᠭ ᠪᠠᠶᠢᠭ᠎ᠠ᠃ ᠣᠶᠢᠷᠠᠲᠤᠭᠠᠳ ᠬᠠᠷᠠᠲᠠᠯ᠎ᠠ ᠲᠠᠨᠢᠳᠠᠭ ᠴᠢᠷᠠᠢ᠃ ᠡᠵᠢ ᠶᠢᠨ ᠳᠡᠭᠦᠦ ᠬᠡᠪᠲᠡᠵᠦ ᠪᠠᠶᠢᠪᠠ᠃ ᠰᠠᠨᠠᠭ᠎ᠠ ᠵᠣᠪᠠᠭ᠋ᠤ᠂ ᠠᠭᠤᠷ ᠬᠦᠷᠬᠦ ᠬᠤᠶᠠᠷ ᠬᠤᠣᠰᠯᠠᠭᠠᠳ ᠪᠣᠯᠳᠠᠭ ᠦᠭᠡᠢ᠃

- ᠦᠭᠡᠢ᠃ ᠴᠢᠳᠠᠬᠤ ᠦᠭᠡᠢ᠃ ᠭᠤᠳᠤᠮᠵᠢᠨ ᠤ ᠠᠷᠢᠬᠢᠴᠢᠨ ᠢ ᠭᠤᠯᠳᠤᠷᠠᠵᠤ ᠶᠠᠪᠤᠬᠤ ᠵᠠᠪ ᠴᠦ ᠠᠯᠠᠭ᠎ᠠ᠃ ᠴᠢ ᠨᠠᠭᠠᠲᠤ ᠬᠥᠮᠥᠨ ᠲᠠᠢ ᠪᠠᠨ ᠦᠯᠡᠳᠡᠪᠡᠯ ᠦᠯᠡᠳᠡ᠃ ᠪᠢ ᠶᠠᠪᠤᠯ᠎ᠠ ᠭᠡᠵᠤ ᠠᠭᠤᠷᠲᠠᠢ ᠬᠡᠯᠡᠴᠢᠬᠡᠭᠡᠳ ᠴᠢᠭ ᠢᠶᠠᠷ ᠢᠶᠠᠨ ᠠᠯᠬᠤᠪᠠ᠃ ᠥᠬᠢᠨ

- ᠬᠦᠶ᠋ᠢ ᠬᠦᠯᠢᠶᠡ ᠯᠠ ᠳ᠋ᠧ ᠭᠡᠰᠡᠨ ᠢᠶᠠᠨ ᠰᠣᠭᠲᠣᠭᠤ ᠡᠷ᠎ᠡ ᠤᠷᠤᠭᠤ ᠨᠢᠭᠡ ᠬᠠᠷᠠᠵᠤ᠂ ᠨᠠᠮᠠᠶᠢ ᠨᠢᠭᠡ ᠳᠠᠭᠤᠳᠠᠵᠤ ᠵᠠᠮ ᠤᠨ ᠭᠤᠣᠯ ᠳᠤ ᠵᠣᠭᠰᠣᠭᠰᠠᠭᠠᠷ ᠁ ᠲᠡᠭᠡᠭᠰᠡᠨ ᠢᠶᠠᠨ ᠨᠠᠳᠠ ᠤᠷᠤᠭᠤ ᠬᠡᠳᠦ ᠠᠯᠬᠤᠭᠰᠠᠨ ᠢᠶᠠᠨ

- ᠴᠢᠮ᠎ᠠ ᠳᠤ ᠵᠢᠭᠠᠬᠠᠨ ᠴᠦ ᠭᠡᠰᠡᠨ ᠬᠥᠮᠥᠨ ᠴᠢᠨᠠᠷ ᠠᠯᠠᠭ᠎ᠠ ᠤ᠋ᠤ︖ ᠭᠡᠰᠡᠨ ᠢᠶᠠᠨ ᠴᠢᠮᠡᠭᠡ ᠦᠭᠡᠢ ᠪᠣᠯᠴᠢᠬᠠᠪᠠ᠃ 

- ᠪᠠᠶᠢᠬᠤ ᠦᠭᠡᠢ᠃ ᠶᠡᠷᠦ ᠨᠢ ᠬᠥᠮᠥᠨ ᠴᠢᠨᠠᠷ ᠭᠡᠳᠡᠭ ᠶᠠᠭᠤᠮ᠎ᠠ ᠬᠠᠮᠢᠭ᠎ᠠ ᠪᠠᠶᠢᠳᠠᠭ ᠶᠤᠮ︖ ᠭᠡᠪᠡᠯ ᠥᠬᠢᠨ  

- ᠡᠪᠡᠳᠳᠡᠭ ᠪᠦᠬᠦ ᠶᠠᠭᠤᠮᠠᠨ ᠳᠤ ᠴᠢᠨᠢ ᠪᠠᠶᠢᠳᠠᠭ ᠶᠤᠮ᠃ ᠴᠢᠨᠦ ᠰᠡᠳᠬᠢᠯ ᠡᠪᠡᠳᠳᠡᠭ ᠦᠭᠡᠢ ᠶᠤᠮ ᠪᠣᠯ ᠭᠠᠷ᠂ ᠬᠤᠷᠤᠭᠤ᠂ ᠶᠠᠳᠠᠵᠤ ᠰᠢᠳᠦ ᠴᠢᠨᠢ ᠡᠪᠡᠳᠳᠡᠭ ᠪᠢᠵᠡ ᠳ᠋ᠧ ᠭᠡᠰᠡᠨ ᠢᠶᠠᠨ ᠪᠤᠴᠠᠭᠠᠳ ᠠᠯᠬᠤᠴᠢᠬᠠᠪᠠ᠃

ᠪᠢ ᠡᠷᠭᠢᠵᠦ ᠴᠦ ᠬᠠᠷᠠᠭ᠎ᠠ ᠦᠭᠡᠢ᠃ ᠪᠢᠳᠡ ᠳᠠᠬᠢᠭᠠᠳ ᠠᠭᠤᠯᠵᠠᠭ᠎ᠠ ᠦᠭᠡᠢ᠃ ᠭᠡᠬᠦ ᠳᠡᠭᠡᠨ ᠲᠡᠷᠡ ᠥᠬᠢᠨ ᠢ ᠬᠡᠵᠢᠶ᠎ᠡ ᠴᠦ ᠮᠠᠷᠲᠠᠭ᠎ᠠ ᠦᠭᠡᠢ᠃ ᠰᠠᠶ᠎ᠠ ᠰᠠᠶ᠎ᠠ ᠨᠠᠪᠴᠢᠰ ᠤᠨ ᠳᠤᠮᠳᠠ ᠭᠠᠭᠴᠠᠭᠠᠷ ᠢᠶᠠᠨ ᠰᠣᠳᠣᠨ ᠤᠯᠠᠭᠠᠨ ᠨᠠᠪᠴᠢ ᠪᠠᠶᠢᠳᠠᠭ ᠰᠢᠭ ᠲᠡᠷᠡ ᠥᠬᠢᠨ ᠬᠡᠨ ᠬᠡᠨ ᠠᠴᠠ ᠢᠯᠡᠭᠦᠦ ᠰᠣᠳᠣᠨ ᠬᠥᠮᠥᠨ ᠪᠠᠶᠢᠵᠤ ᠳ᠋ᠧ ᠭᠡᠵᠤ ᠦᠷᠭᠦᠯᠵᠢ ᠰᠠᠨᠠᠳᠠᠭ ᠶᠤᠮ᠃ ᠪᠢ ᠭᠤᠷᠪᠠᠨ ᠵᠢᠯ ᠤᠨ ᠡᠮᠦᠨ᠎ᠡ ᠰᠣᠭᠲᠣᠭᠤ ᠶᠠᠪᠤᠵᠤ ᠪᠠᠶᠢᠭᠠᠳ ᠭᠤᠳᠤᠮᠵᠢᠨ ᠳᠤ ᠤᠨᠠᠵᠤ᠂ ᠨᠢᠭᠡ ᠬᠥᠯ ᠢᠶᠠᠨ ᠲᠠᠭᠠᠷᠢᠭᠤᠯᠤᠭᠰᠠᠨ ᠠᠴᠠ ᠬᠤᠶᠢᠰᠢ ᠲᠡᠷᠡ ᠥᠬᠢᠨ ᠢ ᠪᠦᠷ ᠴᠦ ᠶᠡᠭᠡ ᠰᠠᠨᠠᠳᠠᠭ ᠪᠣᠯᠣᠭᠰᠠᠨ᠃ ᠲᠡᠶᠢᠮᠦ ᠡ ᠬᠥᠮᠥᠨ ᠴᠢᠨᠠᠷ ᠭᠡᠳᠡᠭ ᠬᠥᠮᠥᠨ ᠤ ᠡᠪᠡᠳᠳᠡᠭ ᠪᠦᠬᠦ ᠡᠷᠬᠡᠲᠡᠨ ᠳᠤ ᠪᠠᠶᠢᠳᠠᠭ ᠶᠤᠮ ᠪᠠᠶᠢᠨ᠎ᠠ᠃ ᠬᠠᠮᠤᠭ ᠤᠨ ᠶᠡᠭᠡ ᠠᠮᠠᠷᠬᠠᠨ ᠡᠪᠡᠳᠴᠢᠯᠡᠳᠡᠭ᠂ ᠬᠠᠮᠤᠭ ᠤᠨ ᠶᠡᠭᠡ ᠵᠣᠪᠠᠭᠤᠷᠢ ᠲᠠᠢ ᠪᠠᠷ ᠡᠪᠡᠳᠬᠡᠵᠦ ᠰᠢᠨᠠᠯᠭᠠᠳᠠᠭ ᠵᠦᠢᠯ ᠪᠣᠯ ᠰᠡᠳᠬᠢᠯ ᠯᠠ ᠪᠠᠶᠢᠳᠠᠭ ᠶᠤᠮ ᠪᠢᠯᠡ ᠬᠡᠮᠡᠨ ᠲᠡᠷᠡ ᠡᠷ᠎ᠡ ᠶᠠᠷᠢᠶ᠎ᠠ ᠪᠠᠨ ᠳᠠᠭᠤᠰᠬᠠᠯ᠎ᠠ᠃ ᠲᠡᠭᠦᠨ ᠤ ᠦᠯᠦ ᠮᠠᠷᠲᠠᠭᠳᠠᠬᠤ ᠳᠤᠷᠠᠰᠤᠮᠵᠢ ᠰᠤᠭᠤ ᠲᠠᠶᠠᠭ ᠤᠨ ᠲᠣᠺ ᠲᠣᠺ ᠭᠡᠬᠦ ᠴᠢᠮᠡᠭᠡ ᠮᠢᠨᠤ ᠴᠦ ᠭᠡᠰᠡᠨ ᠰᠡᠳᠬᠢᠯ ᠢ ᠡᠪᠡᠳᠬᠡᠵᠦ ᠣᠷᠬᠢᠪᠠ᠃

 
 
Posted in ᠤᠷᠠᠨ ᠵᠤᠬᠢᠶᠠᠯ |作品赏析 and tagged .