ᠦᠪᠤᠷ ᠮᠤᠩᠭᠤᠯ ᠲᠡᠯᠡᠭᠡᠢ ᠲᠡᠭᠡᠷ᠎ᠡ ᠬᠠᠮᠤᠭ ᠤᠨ ᠲᠦᠷᠦᠬᠦᠨ ᠳ᠋ᠤ ᠰᠠᠨᠰᠠᠷ ᠲᠤ ᠭᠡᠷ ···“实践十号”:家畜航天生物育种实验首次上太空

 
 

ᠦᠪᠤᠷ ᠮᠤᠩᠭᠤᠯ ᠲᠡᠯᠡᠭᠡᠢ ᠲᠡᠭᠡᠷ᠎ᠡ ᠬᠠᠮᠤᠭ ᠤᠨ ᠲᠦᠷᠦᠬᠦᠨ ᠳ᠋ᠤ ᠰᠠᠨᠰᠠᠷ ᠲᠤ ᠭᠡᠷ ᠦᠨ ᠲᠡᠵᠢᠭᠡᠪᠤᠷᠢ ᠵᠢᠨ ᠡᠬᠦᠯᠳᠡᠷ ᠪᠤᠢᠵᠢᠭᠤᠯᠬᠤ ᠲᠤᠷᠰᠢᠯᠲᠠ ᠵᠢ ᠪᠡᠶᠡᠯᠡᠬᠦᠯᠪᠡ

4 ᠰᠠᠷ᠎ᠠ ᠵᠢᠨ 6 ᠤ ᠡᠳᠤᠷ ᠤᠨ ᠦᠷᠯᠦᠭᠡ ᠵᠢᠨ 1 ᠴᠠᠭ 38 ᠮᠢᠨᠦᠲ ᠲᠦ᠂ ᠮᠠᠨ ᠤ ᠤᠯᠤᠰ ᠤᠨ ᠠᠩᠬᠠᠳᠠᠭᠴᠢ ᠪᠢᠴᠢᠯ ᠬᠦᠨᠳᠦ ᠵᠢᠨ ᠬᠦᠴᠦᠨ ᠦ ᠰᠢᠨᠵᠢᠯᠡᠬᠦ ᠤᠬᠠᠭᠠᠨ ᠤ ᠲᠤᠷᠰᠢᠯᠲᠠ ᠵᠢᠨ ᠲᠠᠭᠠᠭᠤᠯᠢ ᠤᠳᠤ —— ᠦᠢᠯᠡᠳᠦᠯᠭᠡ 10ᠨᠤᠮᠧᠷᠳᠤ ᠲᠠᠭᠠᠭᠤᠯᠢ ᠤᠳᠤ ᠵᠢ ᠠᠮᠵᠢᠯᠲᠠ ᠲᠠᠢ ᠬᠠᠷᠪᠤᠨ ᠭᠠᠷᠭᠠᠬᠤ ᠵᠢ ᠲᠠᠭᠠᠯᠳᠤᠨ᠂ ᠬᠤᠰᠲ᠋ᠠᠢᠨ ᠰᠠᠭᠠᠯᠢ ᠵᠢᠨ ᠦᠨᠢᠶ᠎ᠡ᠂ ᠰᠠᠨ ᠾᠸ ᠦᠬᠡᠷ᠂ ᠦᠵᠤᠮᠦᠴᠢᠨ ᠬᠤᠨᠢ᠂ ᠠᠷᠪᠠᠰ ᠤᠨ ᠨᠤᠤᠯᠤᠭᠤᠷ ᠤᠨ ᠢᠮᠠᠭ᠎ᠠ᠂ ᠲᠤᠮᠳᠠᠳᠤ ᠤᠯᠤᠰ ᠤᠨ ᠱᠤᠦ ᠪᠤᠭᠤ ᠵᠡᠷᠭᠡ ᠮᠠᠨ ᠤ ᠤᠷᠤᠨ ᠤ 5 ᠵᠦᠢᠯ ᠦᠨ ᠲᠠᠪᠠᠭᠤᠯᠢᠭ ᠭᠡᠷ ᠦᠨ ᠲᠡᠵᠢᠭᠡᠪᠤᠷᠢ ᠵᠢᠨ ᠪᠡᠶ᠎ᠡ ᠵᠢᠨ ᠡᠰ ᠴᠦ ᠡᠨᠡ ᠬᠦ ᠲᠠᠭᠠᠭᠤᠯᠢ ᠤᠳᠤᠨ ᠳ᠋ᠤ ᠠᠴᠢᠶᠠᠯᠠᠭᠳᠠᠨ ᠰᠠᠨᠰᠠᠷ ᠤᠨ ᠲᠤᠭᠤᠷᠢᠯᠲᠠ ᠵᠢᠨ ᠵᠠᠮ ᠳ᠋ᠤ ᠤᠷᠤᠭᠰᠠᠨ ᠪᠠᠢᠨ᠎ᠠ᠂ ᠡᠨᠡ ᠪᠤᠯ ᠲᠡᠯᠡᠭᠡᠢ ᠲᠡᠭᠡᠷ᠎ᠡ ᠠᠩᠬ᠎ᠠ ᠤᠳᠠᠭ᠎ᠠ ᠰᠠᠨᠰᠠᠷ ᠲᠤ ᠭᠡᠷ ᠦᠨ ᠲᠡᠵᠢᠭᠡᠪᠤᠷᠢ ᠵᠢᠨ ᠡᠬᠦᠯᠳᠡᠷ ᠪᠤᠢᠵᠢᠭᠤᠯᠬᠤ ᠲᠤᠷᠰᠢᠯᠲᠠ ᠬᠢᠵᠤ ᠪᠠᠢᠭ᠎ᠠ ᠶᠠᠪᠤᠳᠠᠯ ᠪᠤᠯᠤᠨ᠎ᠠ᠃

ᠰᠤᠷᠪᠤᠯᠵᠢᠯᠠᠭᠴᠢ ᠦᠪᠡᠷᠲᠡᠭᠡᠨ ᠵᠠᠰᠠᠬᠤ ᠤᠷᠤᠨ ᠤ ᠰᠢᠨᠵᠢᠯᠡᠬᠦ ᠤᠬᠠᠭᠠᠨ ᠮᠡᠷᠭᠡᠵᠢᠯ ᠦᠨ ᠲᠢᠩᠬᠢᠮ   ᠡᠴᠡ ᠤᠢᠯᠠᠭᠠᠭᠰᠠᠨ ᠨᠢ᠂ ᠡᠨᠡ ᠬᠦ ᠲᠤᠷᠰᠢᠯᠲᠠ ᠪᠤᠯ ᠦᠢᠯᠡᠳᠦᠯᠭᠡ 10 ᠨᠤᠮᠧᠷᠳᠤ ᠰᠢᠨᠵᠢᠯᠡᠬᠦ ᠤᠬᠠᠭᠠᠨ ᠤ ᠲᠤᠷᠰᠢᠯᠲᠠ ᠵᠢᠨ ᠡᠭᠡᠬᠦᠲᠠᠭᠠᠭᠤᠯᠢ ᠤᠳᠤᠨ ᠤ ᠰᠠᠨᠰᠠᠷ ᠲᠤ ᠬᠢᠬᠦ 19 ᠵᠦᠢᠯ ᠦᠨ ᠪᠢᠴᠢᠯ ᠬᠦᠨᠳᠤ ᠵᠢᠨ ᠬᠦᠴᠦᠨ ᠦ ᠰᠢᠨᠵᠢᠯᠡᠬᠦ ᠤᠬᠠᠭᠠᠨ ᠪᠠ ᠤᠭᠳᠠᠷᠭᠤᠢ ᠵᠢᠨ ᠠᠮᠢ ᠵᠢᠨ ᠰᠢᠨᠵᠢᠯᠡᠬᠦ ᠤᠬᠠᠭᠠᠨ ᠤ ᠲᠤᠷᠰᠢᠯᠲᠠ ᠵᠢᠨ ᠲᠤᠳᠤᠷᠠᠬᠢ ᠨᠢᠭᠡ ᠵᠦᠢᠯ ᠨᠢ ᠪᠤᠯᠤᠨ᠎ᠠ᠃

ᠲᠤᠰ ᠤᠳᠠᠭᠠᠨ ᠤ ᠠᠴᠢᠶᠠᠯᠠᠬᠤ ᠲᠤᠷᠰᠢᠯᠲᠠ ᠵᠢᠨ ᠨᠠᠢᠳᠠᠭᠴᠢ ᠲᠠᠯ᠎ᠠ ᠵᠢᠨ ᠬᠠᠤᠯᠢ  ᠪᠡᠷ ᠲᠤᠭᠲᠠᠭᠠᠭᠰᠠᠨ ᠲᠦᠯᠦᠭᠡᠯᠡᠭᠴᠢ᠂ ᠦᠪᠤᠷ ᠮᠤᠩᠭᠤᠯ ᠤᠨ ᠰᠠᠢ ᠺᠧ ᠰᠢᠩ ᠠᠮᠢᠳᠤ ᠪᠤᠳᠠᠰ ᠦᠷᠡᠵᠢᠬᠦᠯᠤᠨ ᠪᠤᠢᠵᠢᠭᠤᠯᠬᠤ ᠮᠡᠷᠭᠡᠵᠢᠯ ᠦᠨ (ᠪᠦᠯᠦᠭᠯᠡᠯ ) ᠬᠤᠪᠢ ᠤᠷᠤᠭᠤᠯᠤᠭᠰᠠᠨ ᠬᠢᠵ
ᠠᠭᠠᠷᠳᠤ ᠺᠤᠮᠫᠠᠨᠢ ᠵᠢᠨ ᠠᠬᠠᠯᠠᠭᠴᠢ ᠰᠢᠨᠵᠢᠯᠡᠬᠦ ᠤᠬᠠᠭᠠᠨᠲᠠᠨ ᠯᠢ ᠰᠢ ᠾᠸ ᠬᠡᠯᠡᠬᠦᠳᠡᠭᠡᠨ᠄ 《ᠲᠤᠰ ᠤᠳᠠᠭᠠᠨ ᠤ ᠠᠴᠢᠶᠠᠯᠠᠬᠤ ᠲᠤᠷᠰᠢᠯᠲᠠ ᠵᠢᠨ ᠰᠠᠨᠰᠠᠷ ᠲᠤ ᠡᠬᠦᠯᠳᠡᠷ ᠪᠤᠢᠵᠢᠭᠤᠯᠬᠤ ᠮᠡᠷᠭᠡᠵᠢᠯ  ᠨᠢ ᠭᠡᠷ ᠦᠨ ᠲᠡᠵᠢᠭᠡᠪᠤᠷᠢ ᠵᠢᠨ ᠡᠬᠦᠯᠳᠡᠷ ᠢ ᠪᠤᠢᠵᠢᠭᠤᠯᠬᠤ ᠴᠠᠭ ᠢ ᠶᠡᠭᠡ ᠪᠡᠷ ᠪᠤᠭᠤᠨᠢᠰᠬᠠᠵᠤ ᠪᠤᠯᠬᠤ ᠪᠦᠭᠡᠳ ᠭᠡᠷ ᠦᠨ ᠲᠡᠵᠢᠭᠡᠪᠤᠷᠢ ᠵᠢᠨ ᠡᠬᠦᠯᠳᠡᠷ ᠪᠤᠢᠵᠢᠭᠤᠯᠬᠤ ᠦᠷ᠎ᠡ ᠠᠰᠢᠭ ᠢ ᠶᠡᠭᠡ ᠪᠡᠷ ᠲᠡᠭᠡᠭᠰᠢᠯᠡᠬᠦᠯᠵᠤ ᠪᠤᠯᠬᠤ ᠶᠤᠮ᠃ ᠭᠡᠷ ᠦᠨ ᠲᠡᠵᠢᠭᠡᠪᠤᠷᠢ ᠵᠢᠨ ᠡᠬᠦᠯᠳᠡᠷ ᠪᠤᠢᠵᠢᠭᠤᠯᠬᠤ ᠤᠯᠠᠮᠵᠢᠯᠠᠯᠳᠤ ᠮᠡᠷᠭᠡᠵᠢᠯ ᠵᠢᠡᠷ ᠰᠢᠨ᠎ᠡ ᠡᠬᠦᠯᠳᠡᠷ ᠦᠨ ᠰᠢᠰᠲ᠋ᠧᠮ ᠪᠤᠢᠵᠢᠭᠤᠯᠬᠤ ᠳ᠋ᠥ 10 —— 15 ᠵᠢᠯ ᠬᠡᠷᠡᠭᠰᠡᠨ᠎ᠡ᠂ ᠰᠢᠨ᠎ᠡ ᠡᠬᠦᠯᠳᠡᠷ ᠪᠤᠢᠵᠢᠭᠤᠯᠬᠤ ᠳ᠋ᠥ 20 —— 30 ᠵᠢᠯ ᠬᠡᠷᠡᠭᠰᠡᠨ᠎ᠡ᠃ ᠭᠡᠳᠡᠯ᠎ᠡ ᠰᠠᠨᠰᠠᠷ  ᠡᠴᠡ ᠡᠭᠡᠬᠦᠯᠵᠤ ᠠᠪᠴᠢᠷᠠᠭᠰᠠᠨ ᠠᠴᠢᠶᠠᠯᠠᠭᠴᠢ ᠦᠯᠢᠭᠡᠷ ᠡᠳ᠋ ᠦᠨ ᠲᠤᠳᠤᠷ᠎ᠠ  ᠡᠴᠡ ᠦᠷᠡᠵᠢᠬᠦ ᠴᠢᠳᠠᠪᠤᠷᠢ  ᠨᠢ ᠢᠯᠡᠳᠲᠡ ᠲᠡᠭᠡᠭᠰᠢᠯᠡᠭᠰᠡᠨ ᠤᠨᠳᠤᠤᠰᠢᠭᠰᠠᠨ ᠡᠰ ᠢ ᠰᠤᠩᠭᠤᠵᠤ᠂ ᠤᠳᠤ ᠦᠶ᠎ᠡ ᠵᠢᠨ ᠠᠮᠢᠳᠤ ᠪᠤᠳᠠᠰ ᠦᠷᠡᠵᠢᠬᠦᠯᠤᠨ ᠪᠤᠢᠵᠢᠭᠤᠯᠬᠤ ᠮᠡᠷᠭᠡᠵᠢᠯ ᠦᠨ ᠠᠷᠭ᠎ᠠ ᠪᠠᠷ ᠪᠤᠳᠠᠭᠠᠯᠢ ᠪᠡᠶ᠎ᠡ ᠪᠤᠢᠵᠢᠭᠤᠯᠵᠤ ᠭᠠᠷᠭᠠᠬᠤ ᠨᠢ ᠭᠡᠷ ᠦᠨ ᠲᠡᠵᠢᠭᠡᠪᠤᠷᠢ ᠵᠢᠨ ᠡᠬᠦᠯᠳᠡᠷ ᠢ ᠪᠤᠢᠵᠢᠭᠤᠯᠬᠤ ᠦᠶᠡᠯᠡᠯ ᠦᠨ ᠬᠤᠭᠤᠴᠠᠭ᠎ᠠ ᠵᠢ ᠬᠠᠭᠠᠰ ᠢᠯᠡᠬᠦᠦ  ᠪᠡᠷ ᠪᠤᠭᠤᠨᠢᠰᠬᠠᠵᠤ ᠪᠤᠯᠬᠤ ᠪᠦᠭᠡᠳ ᠪᠡᠶ᠎ᠡ  ᠪᠡᠨ ᠲᠠᠭᠠᠭᠠᠭᠰᠠᠨ ᠮᠡᠳᠡᠯᠭᠡ ᠵᠢᠨ ᠪᠦᠲᠦᠭᠡᠭᠳᠡᠬᠦᠨ ᠦ ᠦᠮᠴᠢᠯᠡᠬᠦ ᠡᠷᠭᠡ ᠪᠦᠬᠦᠢ ᠭᠡᠷ ᠦᠨ ᠲᠡᠵᠢᠭᠡᠪᠤᠷᠢ ᠵᠢᠨ ᠰᠢᠨ᠎ᠡ ᠡᠬᠦᠯᠳᠡᠷ ᠦᠨ ᠰᠢᠰᠲ᠋ᠧᠮ ᠪᠤᠶᠤ ᠰᠢᠨ᠎ᠡ ᠡᠬᠦᠯᠳᠡᠷ ᠢ ᠪᠤᠢᠵᠢᠭᠤᠯᠤᠨ ᠭᠠᠷᠭᠠᠬᠤ ᠪᠤᠯᠤᠮᠵᠢ ᠲᠠᠢ᠃ ᠡᠨᠡ ᠬᠦ ᠮᠡᠷᠭᠡᠵᠢᠯ ᠦᠨ ᠠᠷᠭ᠎ᠠ  ᠨᠢ ᠮᠠᠨ ᠤ ᠤᠯᠤᠰ ᠤᠨ ᠭᠡᠷ ᠦᠨ ᠲᠡᠵᠢᠭᠡᠪᠤᠷᠢ ᠵᠢᠨ ᠡᠬᠦᠯᠳᠡᠷ ᠦᠨ ᠡᠬᠢ ᠪᠠᠶᠠᠯᠢᠭ ᠤᠨ ᠬᠦᠮᠦᠷᠭᠡ ᠵᠢ ᠪᠠᠶᠠᠯᠢᠭᠵᠢᠭᠤᠯᠬᠤ ᠪᠠ ᠤᠯᠠᠨ ᠡᠰᠢᠵᠢᠬᠦᠯᠬᠦ᠂ ᠮᠠᠨ ᠤ ᠤᠯᠤᠰ ᠤᠨ ᠭᠡᠷ ᠦᠨ ᠲᠡᠵᠢᠭᠡᠪᠤᠷᠢ ᠵᠢᠨ ᠡᠬᠦᠯᠳᠡᠷ ᠦᠨ ᠠᠵᠤ ᠦᠢᠯᠡᠰ ᠦᠨ ᠦᠷᠢᠰᠦᠯᠳᠦᠬᠦ ᠬᠦᠴᠦᠨ ᠢ ᠲᠡᠭᠡᠭᠰᠢᠯᠡᠬᠦᠯᠬᠦ ᠳ᠋ᠤ ᠴᠢᠬᠤᠯᠠ ᠠᠵᠤ ᠠᠬᠤᠢ ᠵᠢᠨ ᠦᠨ᠎ᠡ ᠦᠷᠲᠡᠭ ᠪᠠ ᠪᠤᠲᠠᠳᠤ ᠠᠴᠢ ᠬᠤᠯᠪᠤᠭᠳᠠᠯ ᠲᠠᠢ ᠶᠤᠮ 》 ᠭᠡᠵᠠᠢ᠃

ᠤᠢᠯᠠᠭᠠᠭᠰᠠᠨ ᠵᠢᠡᠷ᠂ ᠦᠢᠯᠡᠳᠦᠯᠭᠡ 10 ᠨᠤᠮᠧᠷᠳᠤ ᠡᠭᠡᠬᠦ ᠲᠠᠭᠠᠭᠤᠯᠢ ᠤᠳᠤᠨ ᠤ ᠪᠤᠴᠠᠭᠠᠨ ᠬᠤᠷᠢᠶᠠᠬᠤ ᠦᠷᠦᠭᠡ ᠨᠢ ᠲᠤᠭᠤᠷᠢᠯᠲᠠ ᠵᠢᠨ ᠵᠠᠮ ᠵᠢᠡᠷ ᠠᠷᠪᠠᠭᠠᠳ ᠡᠳᠤᠷ ᠠᠵᠢᠯᠯᠠᠭᠰᠠᠨ ᠤ ᠲᠠᠷᠠᠭ᠎ᠠ᠂ ᠤᠷᠢᠳᠴᠢᠯᠠᠨ ᠲᠤᠭᠲᠠᠭᠠᠭᠰᠠᠨ ᠵᠢᠷᠤᠮ ᠶᠤᠰᠤᠭᠠᠷ ᠲᠡᠯᠡᠭᠡᠢ ᠵᠢᠨ ᠪᠦᠮᠪᠦᠷᠴᠡᠭ ᠲᠡᠭᠡᠷ᠎ᠡ ᠪᠤᠴᠠᠨ ᠢᠷᠡᠵᠤ᠂ ᠮᠠᠨ ᠤ ᠤᠷᠤᠨ ᠤ ᠲᠦᠷᠪᠡᠳ ᠬᠤᠰᠢᠭᠤᠨ ᠳ᠋ᠤ ᠪᠠᠭᠤᠬᠤ ᠪᠤᠯᠤᠨ᠎ᠠ᠃

ᠠᠷᠠᠳ ᠤᠨ ᠰᠦᠯᠵᠢᠶ᠎ᠡ

”实践十号“:家畜航天生物育种实验首次上太空

6日凌晨升空的 “实践十号”卫星,搭载了来自内蒙古的牛、羊等家畜的体细胞、干细胞、精子等材料,这是世界上首次在太空进行家畜航天生物育种实验。

内蒙古赛科星家畜种业与繁育生物技术研究院开展的这项以体细胞、干细胞、精子为材料的家畜航天育种新技术开发,提供的科学试验材料有:中国黑白花奶牛、中国三河肉牛、中国蒙古肉羊、阿尔巴斯绒山羊、梅花鹿的体细胞、精子及两个牛和两个小鼠的干细胞。每个家畜品种包括雌雄2个体细胞和1个精子样品。

赛科星家畜种业与繁育生物技术研究院院长李喜和介绍,此次搭载试验通过航天育种技术,将获得大量遗传性能变异的家畜细胞群体,从中筛选具有显著生产性能提升的变异细胞并通过现代繁育生物技术手段获得这些个体,可以大幅度缩短家畜育种时间和提升家畜育种效率,可以培养具有自主知识产权的家畜新品系或者新品种,对于丰富和多元化我国家畜品种资源库、提升家畜种业产业竞争力具有重要意义。同时,通过分析搭载的家畜体细胞、干细胞和精子的基因变化,研究太空环境于家畜(哺乳动物)活体细胞生命活动的影响机制,进一步筛选这些基因发生变化的体细胞、干细胞和精子,采用动物克隆、体外受精、性别控制等繁育生物技术复制或者培育良种家畜后代,开发与推动了我国家畜航天育种新技术与家畜新品系培育与产业化应用的可能性。

 
 
Posted in ᠤᠷᠤᠨ ᠨᠤᠲᠤᠭ |农牧信息 and tagged .