ᠨᠠᠶᠢᠱᠸᠮᠸᠶᠢᠰ(Naismith) ᠨᠡᠷᠡᠲᠦ ᠬᠦᠮᠦᠰ  ᠤᠨ ᠴᠢᠭᠤᠯᠭ᠎ᠠ  ᠳ᠋ᠤ ᠶᠤᠤ ᠮᠢᠩ ᠰᠢᠯᠢᠭᠳᠡᠨ ᠤᠷᠤᠪᠠ 姚明入选奈史密斯篮球名人堂创历史

 
 

ᠨᠠᠶᠢᠱᠸᠮᠸᠶᠢᠰ(Naismith) ᠨᠡᠷᠡᠲᠦ ᠬᠦᠮᠦᠰ  ᠤᠨ ᠴᠢᠭᠤᠯᠭ᠎ᠠ  ᠳ᠋ᠤ ᠶᠤᠤ ᠮᠢᠩ ᠰᠢᠯᠢᠭᠳᠡᠨ ᠤᠷᠤᠪᠠ

4 ᠰᠠᠷ᠎ᠠ  ᠶᠢᠨ 4  ᠤ ᠡᠳᠦᠷ ᠂ ᠨᠡᠷᠡᠲᠦ ᠬᠦᠮᠦᠰ ᠤᠨ ᠴᠢᠭᠤᠯᠭ᠎ᠠ ᠶᠢᠨ ᠭᠡᠰᠢᠬᠦᠨ  ᠤ ᠬᠤᠷᠠᠯ ᠡᠴᠡ ᠨᠡᠶᠢᠲᠡᠯᠡᠭᠰᠡᠨ ᠨᠢ᠂ ᠨᠡᠷᠡᠲᠦ ᠬᠦᠮᠦᠰ  ᠤᠨ ᠴᠢᠭᠤᠯᠭ᠎ᠠ ᠳ᠋ᠤ ᠰᠢᠨ᠎ᠡ ᠪᠡᠷ ᠨᠡᠮᠡᠭᠳᠡᠨ ᠤᠷᠤᠭᠰᠠᠨ ᠰᠠᠭᠰᠤᠨ ᠪᠦᠮᠪᠦᠭᠡᠴᠢᠨ ᠶᠤᠤ ᠮᠢᠩ ᠪᠤᠯᠤᠨ ᠱᠠᠺᠦᠶᠢᠯᠸᠸᠷ ᠤᠨᠠᠶᠢᠸᠸᠯ(Shaquille O'Neal )ᠬᠤᠯᠪᠤᠭ᠎ᠠ ᠪᠠᠷᠢᠪᠠ᠃ ᠲᠤᠬᠠᠢ  ᠶᠢᠨ ᠡᠳᠦᠷ᠂ ᠠᠮᠸᠷᠢᠺᠠ  ᠶᠢᠨ ᠾᠦ᠋ᠰᠲ᠋ᠤᠨ ᠬᠤᠲᠠ ᠳ᠋ᠤ ᠨᠠᠶᠢᠱᠸᠮᠸᠶᠢᠰ(Naismith) ᠰᠠᠭᠰᠤᠨ ᠪᠦᠮᠪᠦᠭᠡ  ᠶᠢᠨ ᠨᠡᠷᠡᠲᠦ ᠬᠦᠮᠦᠰ  ᠤᠨ ᠴᠢᠭᠤᠯᠭ᠎ᠠ ᠶᠢᠨ ᠵᠦᠪᠯᠡᠯ ᠵᠢᠩᠬᠢᠨᠢ ᠪᠡᠷ ᠨᠡᠶᠢᠲᠡᠯᠡᠭᠰᠡᠨ ᠨᠢ ᠂ ᠶᠤᠤ ᠮᠢᠩ  ᠢ ᠪᠠᠭᠳᠠᠭᠠᠭᠰᠠᠨ 10 ᠬᠦᠮᠦᠰ 2016 ᠤᠨ  ᠤ ᠰᠠᠭᠰᠤᠨ ᠪᠦᠮᠪᠦᠭᠡ  ᠶᠢᠨ ᠨᠡᠷᠡᠲᠦ ᠬᠦᠮᠦᠰ  ᠤᠨ ᠴᠢᠭᠤᠯᠭ᠎ᠠ ᠳ᠋ᠤ ᠰᠤᠩᠭ᠋ᠤᠭᠳᠠᠭᠰᠠᠨ ᠪᠠᠶᠢᠨ᠎ᠠ᠃ ᠲᠤᠰ ᠠᠵᠢᠯᠯᠠᠭ᠎ᠠ ᠨᠢ ᠡᠨᠡ ᠵᠢᠯ  ᠤᠨ 9 ᠰᠠᠷ᠎ᠠ  ᠶᠢᠨ 9  ᠤ ᠡᠳᠦᠷ ᠮᠠᠰᠰᠠᠴᠦ᠋ᠰᠼᠸᠲ᠋ᠸᠲ᠋ᠰ ᠵᠸᠤ (Massachusetts State) ᠶᠢᠨ ᠰᠸᠫᠷᠢᠩᠹᠠᠶᠢᠯᠳ᠋( Springfield) ᠬᠤᠲᠠ ᠳ᠋ᠤ ᠶᠠᠪᠤᠭᠳᠠᠬᠤ ᠪᠡᠷ ᠪᠠᠶᠢᠨ᠎ᠠ᠃

ᠨᠠᠶᠢᠱᠸᠮᠸᠶᠢᠰ(Naismith) ᠨᠡᠷᠡᠲᠦ ᠬᠦᠮᠦᠰ  ᠤᠨ ᠴᠢᠭᠤᠯᠭ᠎ᠠ 1956 ᠤᠨ ᠳ᠋ᠤ ᠰᠠᠭᠰᠤᠨ ᠪᠦᠮᠪᠦᠬᠡ  ᠶᠢᠨ ᠲᠠᠮᠢᠷ  ᠤᠨ ᠲᠦᠷᠦᠯ ᠳ᠋ᠤ ᠬᠢᠯᠠᠯᠵᠠᠮ᠎ᠠ ᠠᠮᠵᠢᠯᠲᠠ ᠳ᠋ᠤ ᠬᠦᠷᠦᠭᠰᠡᠨ ᠲᠠᠮᠢᠷᠴᠢᠨ ᠂ ᠳᠠᠰᠭᠠᠯᠵᠢᠭᠤᠯᠤᠭᠴᠢ᠂ ᠬᠢᠨᠠᠭᠴᠢ ᠪᠤᠯᠤᠨ ᠬᠤᠪᠢ ᠨᠡᠮᠡᠷᠢ ᠲᠠᠢ ᠬᠦᠮᠦᠰ ᠢ ᠳᠤᠷᠠᠰᠬᠠᠬᠤ ᠵᠤᠷᠢᠯᠲᠠ ᠲᠠᠢ ᠪᠠᠶᠢᠭᠤᠯᠤᠭᠳᠠᠭᠰᠠᠨ ᠪᠠᠶᠢᠨ᠎᠎ᠠ᠃ ᠤᠳᠤᠬᠠᠨ ᠪᠤᠯᠲᠠᠯ᠎ᠠ ᠨᠢᠭᠡᠨᠲᠡ 345 ᠬᠦᠮᠦᠰ ᠨᠡᠷᠡᠲᠦ ᠬᠦᠮᠦᠰ  ᠤᠨ ᠴᠢᠭᠤᠯᠭ᠎ᠠ ᠳ᠋ᠤ ᠰᠢᠯᠢᠭᠳᠡᠨ ᠤᠷᠤᠭᠰᠠᠨ ᠪᠠᠶᠢᠨ᠎ᠠ᠃

 

姚明入选奈史密斯篮球名人堂创历史

美国当地时间4月4日,曾效力于休斯敦火箭队的中国篮球明星姚明正式入选NBA名人堂。在4月4日于休斯敦进行的美国NCAA(美国大学体育协会)篮球最终四强赛上,这一消息正式公布。姚明在2002年至2011年效力于休斯敦火箭队,8次入选NBA全明星首发阵容。在整个职业生涯中,他拿下场均19分、9.2个篮板、1.9个盖帽和1.6次助攻的数据。退役后,姚明仍继续推广篮球运动及NBA。与姚明一同入选的还有奥尼尔和艾弗森。
姚明入选2016年名人堂成中国第一人

 
 
 
Posted in ᠤᠷᠤᠯᠳᠤᠭᠠᠨ ᠨᠠᠭᠠᠳᠤᠮ| 赛事赛况 and tagged .