FIFA  ᠤᠨ ᠲᠡᠷᠢᠬᠦᠯᠡᠭᠴᠢ᠄ ᠳᠤᠮᠳᠠᠳᠤ ᠤᠯᠤᠰ ᠪᠤᠯ ᠬᠦᠯ ᠪᠦᠮᠪᠦᠬᠡᠲᠦ ᠤᠯᠤᠰ ᠪᠤᠯᠬᠤ ᠤᠴᠢᠷ ᠡᠴᠡ···FIFA主席:中国是足球国家 有能力承办世界杯

 
 

FIFA  ᠤᠨ ᠲᠡᠷᠢᠬᠦᠯᠡᠭᠴᠢ᠄ ᠳᠤᠮᠳᠠᠳᠤ ᠤᠯᠤᠰ ᠪᠤᠯ ᠬᠦᠯ ᠪᠦᠮᠪᠦᠬᠡᠲᠦ ᠤᠯᠤᠰ ᠪᠤᠯᠬᠤ ᠤᠴᠢᠷ ᠡᠴᠡ ᠳᠡᠯᠡᠬᠡᠢ  ᠶᠢᠨ ᠴᠤᠮᠤ  ᠶᠢ ᠡᠷᠬᠢᠯᠡᠨ ᠶᠠᠪᠤᠳᠠᠭᠤᠯᠬᠤ ᠪᠤᠯᠤᠮᠵᠢ ᠪᠦᠷᠢᠨ ᠪᠠᠶᠢᠨ᠎ᠠ

3 ᠰᠠᠷ᠎ᠠ  ᠶᠢᠨ 20  ᠤ ᠡᠳᠦᠷ  ᠤᠨ ᠠᠩᠭ᠍ᠯᠢ ᠶᠢᠨ ᠳᠠᠭᠠᠭᠤᠯᠢ ᠤᠳᠤᠨ  ᠤ ᠮᠡᠳᠡᠭᠡ  ᠶᠢᠨ ᠮᠡᠳᠡᠭᠡᠯᠡᠭᠰᠡᠨ ᠢᠶᠡᠷ᠂ ᠸᠠᠨ ᠳ᠋ᠠ ᠪᠦᠯᠦᠭᠯᠡᠯ ᠤᠯᠠᠨ ᠤᠯᠤᠰ  ᠤᠨ ᠬᠦᠯ ᠪᠦᠮᠪᠦᠭᠡᠨ  ᠤ ᠬᠤᠯᠪᠤᠭᠠᠯᠠᠯ  ᠤᠨ ᠳᠡᠮᠵᠢᠭᠴᠢ ᠪᠤᠯᠤᠭᠰᠠᠨ ᠡᠴᠡ ᠬᠤᠶᠢᠰᠢ᠂ FIFA  ᠤᠨ ᠲᠡᠷᠢᠬᠦᠯᠡᠭᠴᠢ ᠢᠨᠹᠠᠶᠢᠨᠲᠢᠨᠦ᠋((Gianni Infantino) ᠰᠤᠷᠪᠤᠯᠵᠢᠯᠠᠭ᠎ᠠ ᠬᠦᠯᠢᠶᠡᠬᠦ ᠳ᠋ᠡᠭᠡᠨ ᠂ ᠳᠤᠮᠳᠠᠳᠤ ᠤᠯᠤᠰ ᠪᠤᠯ ᠬᠦᠯ ᠪᠦᠮᠪᠦᠬᠡᠲᠦ ᠤᠯᠤᠰ ᠪᠤᠯᠬᠤ ᠤᠴᠢᠷ ᠡᠴᠡ ᠳᠡᠯᠡᠬᠡᠢ  ᠶᠢᠨ ᠴᠤᠮᠤ  ᠶᠢ ᠡᠷᠬᠢᠯᠡᠨ ᠶᠠᠪᠤᠳᠠᠭᠤᠯᠬᠤ ᠪᠤᠯᠤᠮᠵᠢ ᠪᠦᠷᠢᠨ ᠪᠠᠶᠢᠨ᠎ᠠ ᠭᠡᠰᠡᠨ ᠪᠠᠶᠢᠨ᠎ᠠ᠃

ᠸᠠᠨ ᠳ᠋ᠠ ᠪᠦᠯᠦᠭᠯᠡᠯ ᠪᠤᠯ ᠢᠰᠫᠠᠨᠢ  ᠶᠢᠨ ᠬᠦᠭᠡ ᠳᠡᠰ  ᠤᠨ ᠲᠡᠮᠡᠴᠡᠭᠡᠨ  ᠤ ᠮᠠᠳ᠋ᠷᠢᠳ᠋ ᠪᠠᠭ  ᠤᠨ ᠪᠡᠯᠡ ᠤᠷᠤᠭᠤᠯᠤᠭᠴᠢ ᠪᠤᠯᠤᠨ᠎ᠠ᠃ ᠤᠳᠤᠬᠠᠨ ᠳ᠋ᠤ ᠮᠠᠳ᠋ᠷᠢᠳ᠋ ᠪᠠᠭ ᠶᠠᠭ ᠰᠠᠶ‍ᠢᠬᠠᠨ ᠰᠢᠢᠳᠬᠡᠯ ᠲᠠᠢ ᠪᠠᠶᠢᠭ᠎ᠠ᠂ ᠸᠠᠨ ᠳ᠋ᠠ ᠤᠯᠠᠨ ᠤᠯᠤᠰ  ᠤᠨ ᠬᠦᠯ ᠪᠦᠮᠪᠦᠭᠡᠨ  ᠤ ᠬᠤᠯᠪᠤᠭᠠᠯᠠᠯ  ᠤᠨ ᠳᠡᠮᠵᠢᠭᠴᠢ ᠪᠤᠯᠤᠭᠰᠠᠨ ᠡᠴᠡ ᠬᠤᠶᠢᠰᠢᠬᠢ ᠮᠠᠳ᠋ᠷᠢᠳ᠋ ᠪᠠᠭ  ᠤᠨ ᠪᠠᠶᠢᠳᠠᠯ  ᠤᠨ ᠲᠤᠬᠠᠢ ᠢᠨᠹᠠᠶᠢᠨᠲᠢᠨᠦ᠋(Gianni Infantino) ᠄《ᠪᠡᠯᠡ ᠤᠷᠤᠭᠤᠯᠬᠤ ᠪᠤᠯᠤᠨ ᠲᠡᠮᠡᠴᠡᠭᠡᠨ  ᠢ ᠵᠤᠭᠰᠤᠭᠠᠬᠤ ᠨᠢ ᠬᠤᠶᠠᠷ ᠵᠦᠢᠯ  ᠤᠨ ᠠᠰᠠᠭᠤᠳᠠᠯ᠂ ᠨᠢᠬᠡ ᠨᠢ ᠠᠷᠠᠯᠵᠢᠶᠠᠨ  ᠤ ᠬᠠᠮᠲᠤᠷᠠᠯᠴᠠᠭ᠎ᠠ᠂ ᠨᠦᠬᠦᠭᠡ ᠨᠢ ᠲᠠᠮᠢᠷ  ᠤᠨ ᠲᠦᠷᠢᠮ᠂ ᠪᠦᠷ ᠲᠤᠰ᠋ᠠᠭᠠᠷᠯᠠᠵᠦ ᠪᠠᠶᠢᠭ᠎ᠠ ᠵᠦᠢᠯ ᠪᠤᠯᠤᠨ᠎ᠠ》ᠬᠡᠰᠡᠨ ᠪᠠᠶᠢᠨ᠎ᠠ᠃

ᠳᠤᠮᠳᠠᠳᠤ ᠤᠯᠤᠰ  ᠤᠨ ᠳᠡᠯᠡᠬᠡᠢ  ᠶᠢᠨ ᠴᠤᠮᠤ  ᠶᠢ ᠡᠷᠡᠮᠡᠯᠵᠡᠯᠡᠨ ᠶᠠᠪᠤᠭᠳᠠᠭᠤᠯᠬᠤ ᠲᠤᠬᠠᠢ ᠲᠠᠢ ᠠᠰᠠᠭᠤᠳᠠᠯ ᠳ᠋ᠤ᠂ (Gianni Infantino) ᠲᠡᠷᠢᠬᠦᠯᠡᠭᠴᠢ᠄《ᠳᠤᠮᠳᠠᠳᠤ ᠤᠯᠤᠰ ᠪᠤᠯ ᠬᠦᠯ ᠪᠦᠮᠪᠦᠭᠡᠲᠦ ᠤᠯᠤᠰ ᠂ ᠮᠦᠨ ᠴᠦ ᠠᠵᠦ ᠠᠬᠤᠢ  ᠶᠢᠨ ᠲᠤᠮᠤ ᠤᠯᠤᠰ ᠂ ᠳᠤᠮᠳᠠᠳᠤ ᠤᠯᠤᠰ  ᠤᠨ ᠵᠠᠰᠠᠭ ᠤᠨ ᠭᠠᠵᠠᠷ ᠪᠤᠯᠤᠨ ᠬᠦᠯ ᠪᠦᠮᠪᠦᠬᠡ  ᠶᠢᠨ ᠨᠡᠶᠢᠭᠡᠮᠯᠢᠭ᠌ ᠬᠦᠯ ᠪᠦᠮᠪᠦᠬᠡ  ᠶᠢᠨ ᠬᠦᠭ᠍ᠵᠢᠯᠲᠡ  ᠶᠢ ᠴᠢᠷᠮᠠᠶᠢᠨ ᠠᠬᠢᠭᠤᠯᠵᠦ ᠪᠠᠶᠢᠨ᠎ᠠ᠃ ᠳᠤᠮᠳᠠᠳᠤ ᠤᠯᠤᠰ ᠳᠡᠯᠡᠬᠡᠢ  ᠶᠢᠨ ᠬᠤᠨᠳᠠᠭᠠᠲᠤ  ᠶᠢ ᠡᠷᠬᠢᠯᠡᠨ ᠶᠠᠪᠤᠭᠳᠠᠭᠤᠯᠬᠤ ᠪᠤᠯᠤᠮᠵᠢ ᠪᠦᠷᠢᠨ ᠪᠠᠶᠢᠨ᠎ᠠ᠂ ᠪᠢᠳᠡ ᠳᠡᠯᠡᠬᠡᠢ  ᠶᠢᠨ ᠨᠡᠩ ᠤᠯᠠᠨ ᠤᠯᠤᠰ ᠡᠨᠡᠬᠦ ᠠᠭᠤᠤ ᠶᠡᠬᠡ ᠲᠡᠮᠡᠴᠡᠭᠡᠨ  ᠤ ᠲᠦᠷᠦᠯ  ᠢ ᠡᠷᠡᠮᠡᠯᠵᠡᠯᠡᠨ ᠶᠠᠪᠤᠭᠳᠠᠭᠤᠯᠬᠤ  ᠶᠢ ᠬᠦᠰᠡᠵᠦ ᠪᠠᠶᠢᠨ᠎ᠠ᠃ ᠳᠡᠯᠡᠬᠡᠢ  ᠶᠢᠨ ᠴᠤᠮᠤ ᠡᠴᠡ ᠭᠠᠳᠠᠨ᠎ᠠ᠂ ᠢᠷᠡᠭᠡᠳᠦᠢ ᠳ᠋ᠤ ᠪᠠᠰᠠ ᠮᠠᠰᠢ ᠤᠯᠠᠨ ᠴᠢᠬᠤᠯᠠ ᠶᠡᠬᠡ ᠬᠦᠯ ᠪᠦᠮᠪᠦᠬᠡ  ᠶᠢᠨ ᠲᠡᠮᠡᠴᠡᠭᠡᠨ  ᠢ ᠳᠤᠮᠳᠠᠳᠤ ᠤᠯᠤᠰ ᠡᠷᠬᠢᠯᠡᠨ ᠶᠠᠪᠤᠭᠳᠠᠭᠤᠯᠵᠦ ᠪᠤᠯᠤᠨ᠎ᠠ᠃ ᠪᠢᠳᠡ ᠳᠤᠮᠳᠠᠳᠤ ᠤᠯᠤᠰ ᠲᠤ ᠮᠠᠰᠢ ᠶᠠᠬᠡ ᠬᠦᠰᠡᠯ ᠡᠷᠡᠮᠡᠯᠵᠢᠯᠡᠯ  ᠢᠶᠡᠨ ᠲᠡᠯᠪᠢᠵᠦ ᠪᠠᠶᠢᠨ᠎ᠠ᠂ ᠳᠡᠯᠡᠬᠡᠢ  ᠶᠢᠨ ᠬᠡᠪᠴᠢᠶᠡᠨ  ᠤ ᠪᠤᠰᠤᠳ ᠤᠯᠤᠰ  ᠤᠳ ᠲᠤ ᠴᠦ ᠠᠳᠠᠯᠢᠬᠠᠨ ᠬᠦᠰᠡᠯ ᠲᠠᠯᠪᠢᠬᠤ ᠪᠤᠯᠤᠨ᠎ᠠ》ᠭᠡᠰᠡᠨ ᠪᠠᠶᠢᠨ᠎ᠠ᠃

FIFA主席:中国是足球国家 有能力承办世界杯

3月20日消息,据英国卫报报道,在万达成为国际足联的赞助商之后,FIFA主席因凡蒂诺接受采访时表示,中国是足球国家,中国有能力承办这项赛事。

由于万达是西甲马德里竞技的股东,而目前马竞正在遭受处罚,对于万达成为FIFA赞助商之后马竞的处境,FIFA主席因凡蒂诺表示:“赞助和禁赛完全是两码事,一个是商业合作,一个是体育纪律,各自都是独立的。”

对于中国申办世界杯的相关话题,FIFA主席因凡蒂诺表示:“中国是一个足球国家,也是一个经济大国,而且中国政府和足协目前都在努力推进足球的发展。当然中国有能力举办世界杯,我们希望更多国家申办世界杯这项伟大的比赛。除了世界杯之外,还有其他很多伟大的足球赛事未来中国也可以举办。我们对中国十分期待,但对其他国家同样也是。”

 
 
Posted in ᠤᠷᠤᠯᠳᠤᠭᠠᠨ ᠨᠠᠭᠠᠳᠤᠮ| 赛事赛况 and tagged .