ᠦᠪᠤᠷ ᠮᠤᠩᠭᠤᠯ ᠤᠨ ᠲᠠᠮᠢᠷᠴᠢᠨ ᠶᠠᠩ ᠵᠢᠶᠠ ᠢᠤᠢ ᠤᠯᠢᠮᠫᠢᠺ  ᠳᠤ ᠤᠷᠤᠯᠴᠠᠬᠤ ᠡᠷᠬᠡ ᠶᠢ ᠤᠯᠪᠠ 杨家玉成为内蒙古首位拿到里约奥运会入场券运动员

 
 

ᠦᠪᠤᠷ ᠮᠤᠩᠭᠤᠯ ᠤᠨ ᠲᠠᠮᠢᠷᠴᠢᠨ ᠶᠠᠩ ᠵᠢᠶᠠ ᠢᠤᠢ ᠤᠯᠢᠮᠫᠢᠺ  ᠳᠤ ᠤᠷᠤᠯᠴᠠᠬᠤ ᠡᠷᠬᠡ ᠶᠢ ᠤᠯᠪᠠ

ᠦᠪᠦᠷ ᠮᠣᠩᠭᠣᠯ ᠤᠨ ᠡᠳᠤᠷ ᠤᠨ ᠰᠤᠨᠢᠨ ᠤ ᠮᠡᠳᠡᠬᠡ (ᠰᠤᠷᠪᠤᠯᠵᠢᠯᠠᠭᠴᠢ ᠵᠤᠨ᠎ᠠ ) 3 ᠰᠠᠷ᠎ᠠ ᠶᠢᠨ 6 ᠤᠦᠳᠠ ᠶᠢᠨ ᠬᠤᠢᠢᠨ᠎ᠠ᠂ 2016  ᠣᠨ ᠤ ᠪᠦᠬᠦ ᠤᠯᠤᠰ ᠤᠨ ᠠᠯᠬᠤᠭ᠎ᠠ ᠤᠷᠤᠯᠳᠤᠭᠠᠨ ᠤ ᠱᠠᠩᠨᠠᠯᠳᠤ ᠤᠷᠤᠯᠳᠤᠭᠠᠨ ᠵᠢᠴᠢ ᠤᠯᠢᠮᠫᠢᠺ ᠤᠨ ᠲᠠᠮᠢᠷ ᠤᠨ ᠴᠤᠭᠯᠠᠭᠠᠨ ᠤ ᠰᠢᠯᠭᠠᠷᠠᠭᠤᠯᠤᠯᠳᠠ ᠶᠢᠨ ᠤᠷᠤᠯᠳᠤᠭᠠᠨ ᠾᠧᠪᠧᠢ ᠮᠤᠵᠢ ᠶᠢᠨ ᠬᠤᠧᠠᠩᠱᠠᠨ ᠬᠤᠳᠠᠨ ᠳ᠋ᠤ ᠶᠠᠪᠤᠭᠳᠠᠵᠤ᠂ ᠦᠪᠦᠷ ᠮᠣᠩᠭᠣᠯ ᠤᠨ ᠲᠠᠮᠢᠷᠴᠢᠨ ᠶᠠᠩ ᠵᠢᠶᠠ ᠢᠤᠢ ᠲᠤᠪᠤᠢᠮ᠎ᠠ ᠰᠠᠢᠢᠨ ᠢᠯᠡᠷᠡᠯ ᠢᠶᠡᠷ ᠮᠦᠩᠬᠦᠨ ᠮᠧᠳᠠᠯ ᠤᠯᠵᠤ᠂ 2016  ᠣᠨ ᠤ ᠤᠯᠢᠮᠫᠢᠺ ᠤᠨ ᠲᠠᠮᠢᠷ ᠤᠨ ᠴᠤᠭᠯᠠᠭᠠᠨ ᠳ᠋ᠤ ᠤᠷᠤᠯᠴᠠᠬᠤ ᠡᠷᠬᠡ ᠶᠢ ᠤᠯᠤᠭᠰᠠᠠ ᠮᠠᠨ ᠤ ᠤᠷᠤᠨ ᠤ ᠠᠩᠬᠠᠳᠠᠭᠴᠢ ᠲᠠᠮᠢᠷᠴᠢᠨ ᠪᠤᠯᠪᠠ᠃

ᠲᠤᠰ ᠤᠳᠠᠭᠠᠨ ᠤ ᠤᠷᠤᠯᠳᠤᠭᠠᠨ ᠪᠤᠯ 2016  ᠣᠨ ᠤ ᠪᠦᠬᠦ ᠤᠯᠤᠰ ᠤᠨ ᠠᠯᠬᠤᠭ᠎ᠠ ᠤᠷᠤᠯᠳᠤᠭᠠᠨ ᠤ ᠲᠦᠷᠦᠯ ᠵᠦᠢᠯ ᠦᠨ ᠠᠩᠬᠠᠨ ᠤ ᠲᠠᠯᠠᠪᠠᠢ ᠤᠷᠤᠯᠳᠤᠭᠠᠨ᠂ ᠮᠦᠨ ᠴᠦ 2016ᠣᠨ ᠤ ᠷᠢᠥ ᠳ᠋ᠢ ᠿᠧᠨᠧᠢᠷᠦ ᠤᠯᠢᠮᠫᠢᠺ ᠤᠨ ᠲᠠᠮᠢᠷ ᠤᠨ ᠴᠤᠭᠯᠠᠭᠠᠨ ᠤ ᠠᠯᠬᠤᠭ᠎ᠠ ᠤᠷᠤᠯᠳᠤᠭᠠᠨ ᠤ ᠲᠦᠷᠦᠯ ᠵᠦᠢᠯ ᠦᠨ ᠤᠯᠤᠰ ᠤᠨ ᠲᠤᠳᠤᠷᠠᠬᠢ ᠰᠢᠯᠭᠠᠷᠠᠭᠤᠯᠤᠯᠳᠠ ᠶᠢᠨ ᠤᠷᠤᠯᠳᠤᠭᠠᠨ ᠪᠤᠯᠤᠨ᠎ᠠ᠃ ᠡᠷᠡᠭᠳᠡᠢ ᠶᠢᠨ ᠨᠠᠰᠤᠨ ᠳ᠋ᠤ ᠬᠦᠷᠦᠭᠰᠡᠳ ᠦᠨ 50 ᠺᠢᠯᠦᠮᠧᠲᠷ᠂ 20 ᠺᠢᠯᠦᠮᠧᠲᠷ᠂ ᠡᠮᠡᠭᠳᠡᠢ ᠶᠢᠨ ᠨᠠᠰᠤᠨ ᠳ᠋ᠤ ᠬᠦᠷᠦᠭᠰᠡᠳ ᠦᠨ 20 ᠺᠢᠯᠦᠮᠧᠲᠷ ᠦᠨ ᠤᠷᠤᠯᠳᠤᠭᠠᠨ ᠳ᠋ᠤ ᠡᠮᠦᠨ᠎ᠠ ᠭᠤᠷᠪᠠᠨ ᠨᠡᠷᠡᠰ ᠲᠦ ᠤᠷᠤᠭᠰᠠᠠ ᠲᠠᠮᠢᠷᠴᠢᠳ ᠰᠠᠶᠢ ᠤᠯᠢᠮᠫᠢᠺ  ᠳᠤ ᠤᠷᠤᠯᠴᠠᠬᠤ ᠶᠢ ᠡᠷᠬᠡ ᠶᠢ ᠤᠯᠬᠤ ᠪᠤᠯᠤᠨ᠎ᠠ᠃

ᠬᠤᠷᠴᠠ ᠰᠢᠷᠦᠬᠦᠨ ᠤᠷᠤᠯᠳᠤᠭᠠᠨ ᠢᠶᠠᠷ ᠲᠡᠮᠵᠢᠨ ᠮᠠᠨ ᠤ ᠤᠷᠤᠨ ᠤ ᠲᠠᠮᠢᠷᠴᠢᠨ ᠶᠠᠩ ᠵᠢᠶᠠ ᠢᠤᠢ 1 ᠴᠠᠭ 28 ᠮᠢᠨᠦᠲ 12 ᠰᠧᠺᠦᠨᠳ᠋ ᠦᠨ ᠬᠢᠷᠢ ᠪᠦᠳᠦᠮᠵᠢ ᠪᠡᠷ ᠮᠦᠩᠬᠦᠨ ᠮᠧᠳᠠᠯ ᠤᠯᠵᠤ᠂ ᠤᠯᠢᠮᠫᠢᠺ  ᠳᠤ ᠤᠷᠤᠯᠴᠠᠬᠤ ᠬᠤᠪᠤᠷ ᠨᠠᠨᠳᠢᠨ ᠡᠬᠦᠳᠠᠨ ᠪᠢᠯᠧᠲ ᠢ ᠤᠯᠵᠠᠢ᠃ ᠡᠨᠡ ᠵᠢᠯ ᠰᠠᠶᠢ 20 ᠨᠠᠰᠤᠳᠠᠢ ᠶᠠᠩ ᠵᠢᠶᠠ ᠢᠤᠢ ᠪᠤᠯ ᠦᠬᠠᠢ ᠬᠤᠳᠠ ᠪᠠᠷ ᠨᠤᠳᠤᠭᠳᠠᠢ᠃

2014 ᠣᠨ ᠤ ᠠᠯᠬᠤᠭ᠎ᠠ ᠤᠷᠤᠯᠳᠤᠭᠠᠨ ᠤ ᠲᠡᠯᠡᠬᠡᠢ ᠶᠢᠨ ᠬᠤᠨᠳᠠᠭᠠᠳᠤ ᠤᠷᠤᠯᠳᠤᠭᠠᠨ ᠲᠡᠬᠡᠷ᠎ᠠ ᠵᠠᠯᠠᠭᠤᠴᠤᠳ ᠤᠨ ᠲᠤᠭᠤᠢᠯᠠᠩ ᠤᠨ 10ᠺᠢᠯᠦᠮᠧᠲᠷ ᠦᠨ ᠤᠷᠤᠯᠳᠤᠭᠠᠨ ᠤ ᠮᠦᠩᠬᠦᠨ ᠮᠧᠳᠠᠯ ᠢ ᠤᠯᠵᠤ ᠦᠩᠬᠡᠷᠡᠵᠡᠢ᠃ ᠲᠤᠰ ᠤᠳᠠᠭᠠᠨ ᠤ ᠤᠷᠤᠯᠳᠤᠭᠠᠨ ᠳ᠋ᠤ ᠲᠡᠷᠡ ᠦᠪᠡᠷ ᠦᠨ ᠬᠠᠮᠤᠭ ᠤᠨ ᠰᠠᠢᠢᠨ ᠬᠢᠷᠢ ᠪᠦᠳᠦᠮᠵᠢ ᠪᠡᠨ ᠪᠠᠳᠠᠷᠠᠭᠤᠯᠤᠭᠰᠠᠠ ᠪᠠᠢᠢᠨ᠎ᠠ᠃

( ᠦᠪᠦᠷ ᠮᠣᠩᠭᠣᠯ ᠤᠨ ᠡᠳᠦᠷ ᠦᠨ ᠰᠣᠨᠢᠨ .ᠰᠤᠪᠤᠳ)

 
 

杨家玉成为内蒙古首位拿到里约奥运会入场券运动员

日前,2016年“体彩大乐透杯”全国竞走大奖赛(黄山站)暨奥运会选拔赛在安徽省黄山市举行。

经过激烈角逐,内蒙古自治区运动员杨家玉后来居上,以1小时28分12秒的成绩获得女子成年组20公里竞走第三名,成为内蒙古自治区首位获得2016年里约奥运会参赛资格的运动员。

本次比赛是2016年全国竞走项目的第一场比赛,也是2016年里约奥运会竞走项目的国内选拔赛,在男子成年组50公里、20公里和女子成年组20公里3个项目中获得前3名的运动员将获得里约奥运会参赛资格。(记者 王雅静)

 
 
 
Posted in ᠤᠷᠤᠯᠳᠤᠭᠠᠨ ᠨᠠᠭᠠᠳᠤᠮ| 赛事赛况 and tagged .