《ᠮᠤᠩᠭᠤᠯ》 ᠭᠡᠭᠥ ᠨᠤᠮ ᠤᠨ ᠲᠠᠨᠢᠯᠴᠠᠭᠤᠯᠭ᠎ᠠ 郭雪波《蒙古里亚》:民族历史的寻根之旅

 
 

《ᠮᠤᠩᠭᠤᠯ》 ᠭᠡᠭᠥ ᠨᠤᠮ ᠤᠨ ᠲᠠᠨᠢᠯᠴᠠᠭᠤᠯᠭ᠎ᠠ

nn ᠲᠤᠰ ᠨᠤᠮ ᠳ᠋ᠤ ᠵᠤᠬᠢᠶᠠᠯᠴᠢ ᠭᠤᠷᠯᠤᠰ ᠰᠢᠪᠠᠭᠤ (ᠭᠦᠧᠸ ᠰᠢᠤᠧᠠᠢ ᠪᠦᠧᠸ ) ᠦᠪᠡᠷ ᠦᠨ ᠨᠤᠳᠤᠭ ᠬᠤᠷᠴᠢᠨ ᠳ᠋ᠥ ᠬᠦᠷᠴᠦ᠂ 20 ᠳ᠋ᠤᠭᠠᠷ ᠵᠠᠭᠤᠨ ᠤ ᠭᠤᠴᠢᠭᠠᠳ ᠣᠨ ᠳ᠋ᠤ ᠵᠡᠭᠦᠨ ᠮᠤᠩᠭᠤᠯ ᠤᠷᠤᠨ ᠢᠶᠠᠷ ᠮᠤᠩᠭᠤᠯ ᠤᠨ ᠠᠷᠠᠳ ᠤᠨ ᠰᠤᠶᠤᠯ ᠢ ᠬᠠᠢᠵᠦ ᠶᠠᠪᠤᠭᠰᠠᠨ ᠳ᠋ᠧᠨᠮᠡᠷᠺ ᠦᠨ ᠪᠠᠷᠲᠠᠭ᠎ᠠ ᠬᠠᠢᠭᠴᠢ ᠡᠷᠳᠡᠮᠳᠡᠨ ᠾᠧᠩᠨᠢᠩ ᠊ ᠬᠠᠱᠯᠦᠨ ᠤ ᠤᠯᠠ ᠮᠦᠷ  ᠢ ᠮᠦᠷᠳᠡᠵᠦ᠂ ᠨᠢᠭᠡ ᠲᠦᠷᠦᠯ ᠦᠨ ᠤᠯᠤᠰ ᠤᠨ ᠪᠤᠳᠠᠰ ᠤᠨ ᠪᠤᠰᠦ ᠰᠤᠶᠤᠯ ᠤᠨ ᠦᠪ ᠢ ᠪᠠᠢᠴᠠᠭᠠᠬᠤ ᠡᠭᠦᠷᠭᠡ  ᠶᠢ ᠪᠠᠶᠠᠯᠠᠭᠦᠯᠵᠡᠢ᠃ ᠲᠤᠰ ᠨᠤᠮ ᠪᠤᠯ ᠲᠡᠦᠬᠡ ᠪᠤᠯᠤᠨ ᠪᠤᠳᠠᠳᠦ ᠠᠬᠤᠢ᠂ ᠬᠦᠮᠦᠨ ᠪᠠ ᠪᠠᠢᠭᠠᠯᠢ ᠶᠢᠨ ᠮᠦᠷᠬᠦᠯᠳᠦᠭᠡᠨ ᠢ ᠮᠦᠷᠳᠡᠭᠰᠡᠨ ᠦᠭᠦᠯᠡᠯᠭᠡ ᠪᠤᠯᠬᠤ ᠶᠤᠮ᠃ ᠳ᠋ᠧᠨᠮᠡᠷᠺ ᠦᠨ ᠪᠠᠷᠳᠠᠭ᠎ᠠ ᠬᠠᠢᠭᠴᠢᠳ ᠪᠠ ᠤᠯᠤᠰ ᠤᠨ ᠲᠤᠳᠤᠭᠠᠳᠦ ᠶᠢᠨ ᠰᠤᠶᠤᠯ ᠤᠨ ᠰᠤᠳᠤᠯᠭᠠᠳᠠᠳ  ᠤᠨ ᠬᠤᠤᠰ ᠰᠦᠪᠡᠭᠴᠢ ᠪᠡᠷ ᠲᠡᠮᠵᠢᠭᠤᠯᠵᠦ᠂ ᠮᠤᠩᠭᠤᠯ ᠦᠨᠳᠦᠰᠦᠳᠡᠨ ᠦ ᠰᠢᠯᠢᠳᠡᠭ ᠰᠤᠶᠤᠯ᠂ ᠤᠷᠳᠦ  ᠶᠢᠨ ᠲᠠᠭᠤᠤ ᠬᠦᠭᠡᠮᠡᠢ ᠵᠢᠴᠢ ᠡᠷᠳᠡᠨ ᠦ ᠪᠦᠬᠡ ᠶᠢᠨ ᠰᠤᠶᠤᠯ ᠤᠨ ᠤᠬᠢ ᠱᠦᠯᠲᠦ ᠶᠢ ᠤᠯᠠᠨ ᠲᠠᠪᠬᠤᠷᠭ᠎ᠠ ᠡᠴᠠ ᠲᠡᠯᠭᠡᠵᠡᠢ᠃ ᠵᠤᠬᠢᠶᠠᠭᠴᠢ ᠦᠨᠢ ᠡᠷᠳᠡᠨ  ᠤ ᠱᠠᠰᠢᠨ ᠤ ᠰᠤᠶᠤᠯ ᠤᠨ ᠤᠶᠤᠨ ᠪᠢᠯᠢᠭ᠌ ᠲᠤᠮᠳᠠ ᠡᠴᠠ ᠤᠳᠤ ᠦᠶ᠎ᠡ ᠶᠢᠨ ᠬᠦᠮᠦᠨ ᠲᠦᠷᠦᠯᠬᠢᠳᠡᠨ  ᠤ ᠡᠳ᠋ ᠪᠤᠳᠠᠰ  ᠤᠨ ᠰᠢᠨᠤᠯ ᠡᠴᠠ ᠮᠤᠯᠳᠤᠷᠠᠬᠤ ᠠᠯᠳᠠᠨ ᠲᠦᠯᠬᠢᠭᠦᠷ ᠢ ᠡᠷᠢᠬᠦ ᠪᠡᠷ ᠬᠦᠴᠦᠯᠡᠭᠰᠡᠨ ᠪᠠᠢᠨ᠎ᠡ᠃ ᠲᠤᠰ ᠨᠣᠮ ᠨᠢ 《ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠲᠤ ᠲᠠᠨᠢᠯᠴᠠᠭᠤᠯᠬᠤ ᠦᠨᠳᠦᠰᠦᠲᠡᠨ ᠦ ᠵᠠᠭᠤᠨ ᠵᠦᠢᠯ ᠦᠨ ᠰᠢᠯᠢᠳᠡᠭ ᠨᠣᠮ ᠪᠢᠴᠢᠭ᠌》 ᠲᠣ ᠰᠢᠯᠭᠠᠷᠠᠭᠤᠯᠤᠭᠳᠠᠨ ᠣᠷᠣᠭᠰᠠᠨ ᠪᠠᠢᠨ᠎ᠠ᠃ ᠤᠯᠤᠰ ᠤᠨ ᠰᠤᠨᠢᠨ ᠮᠡᠳᠡᠭᠡ ᠬᠡᠪᠯᠡᠯ ᠷᠠᠳᠢᠣ᠋ ᠲᠧᠯᠧᠢᠰ  ᠤᠨ ᠶᠡᠷᠤᠩᠬᠡᠢ ᠲᠤᠪᠴᠢᠶ᠎ᠠ ᠪᠤᠯᠤᠨ ᠤᠯᠤᠰ  ᠤᠨ ᠦᠨᠳᠤᠰᠤᠲᠡᠨ ᠤ ᠬᠡᠷᠡᠭ ᠡᠷᠬᠢᠯᠡᠬᠦ ᠲᠤᠪᠴᠢᠶ᠎ᠠ ᠡᠴᠠ 2015 ᠤᠨ ᠳ᠋ᠥ 《ᠭᠤᠷᠪᠠᠳᠤᠭᠠᠷ ᠬᠤᠭᠤᠴᠠᠭᠠᠨ ᠤ ᠦᠨᠳᠤᠰᠤᠲᠡᠨ ᠤ ᠵᠠᠭᠤᠨ ᠰᠢᠯᠢᠳᠡᠭ ᠨᠤᠮ ᠪᠢᠴᠢᠭ᠌ ᠢ ᠪᠦᠬᠦ ᠤᠯᠤᠰ ᠲᠣ ᠰᠤᠩᠭᠤᠨ ᠲᠠᠨᠢᠯᠴᠠᠭᠤᠯᠬᠤ ᠠᠵᠢᠯᠯᠠᠭ᠎ᠠ 》 ᠶᠢ ᠬᠠᠮᠳᠤ  ᠪᠠᠷ ᠵᠤᠬᠢᠶᠠᠨ ᠪᠠᠢᠭᠤᠯᠤᠨ ᠦᠷᠨᠢᠭᠦᠯᠦᠭᠰᠡᠨ ᠶᠤᠮ᠃ ᠰᠤᠩᠭᠤᠨ ᠲᠠᠨᠢᠯᠴᠠᠭᠤᠯᠬᠤ ᠠᠵᠢᠯᠯᠠᠭ᠎ᠠ  ᠨᠢ 114 ᠬᠡᠪᠯᠡᠯ  ᠤᠨ ᠨᠢᠭᠡᠴᠡ  ᠶᠢᠨ ᠮᠡᠳᠡᠭᠦᠯᠦᠭᠰᠡᠨ 714 ᠲᠦᠷᠦᠯ ᠦᠨ ᠨᠤᠮ ᠬᠡᠪᠯᠡᠯ ᠦᠨ ᠲᠤᠮᠳᠠ ᠡᠴᠠ ᠮᠠᠲ᠋ᠧᠷᠢᠶᠠᠯ ᠢ ᠬᠢᠨᠠᠬᠤ᠂ ᠲᠤᠰᠬᠠᠢ ᠮᠡᠷᠭᠡᠵᠢᠯᠲᠡᠨ ᠡᠴᠠ ᠰᠢᠯᠢᠵᠦ ᠰᠤᠩᠭᠤᠬᠤ᠂ ᠨᠡᠢᠭᠡᠮ ᠳ᠋ᠥ ᠢᠯᠡ ᠨᠡᠢᠲᠡᠯᠡᠬᠦ ᠵᠡᠷᠭᠡ ᠶᠠᠪᠤᠴᠠ ᠶᠢ ᠲᠠᠮᠵᠢᠨ᠂ ᠡᠴᠦᠰ  ᠲᠡᠭᠡᠨ ᠦᠨᠳᠤᠰᠤᠲᠡᠨ  ᠤ 100 ᠰᠢᠯᠢᠳᠡᠭ ᠨᠤᠮ ᠪᠢᠴᠢᠭ᠌ ᠢ ᠲᠤᠲᠤᠷᠠᠭᠤᠯᠵᠦ᠂ ᠪᠦᠬᠦ ᠤᠯᠤᠰ ᠤᠨ ᠦᠷᠭᠡᠨ ᠤᠯᠠᠨ ᠤᠩᠰᠢᠭᠴᠢᠳ ᠲᠣ ᠲᠠᠨᠢᠯᠴᠠᠭᠤᠯᠤᠭᠰᠠᠨ ᠪᠠᠢᠨ᠎ᠠ

郭雪波《蒙古里亚》:民族历史的寻根之旅

nnn长篇小说《蒙古里亚》是作家、文化学者郭雪波回到老家科尔沁草原大漠历时7年精心打磨出的一部关于书写和探寻人之魂灵来龙去脉的小说。作品中郭雪波追寻着上世纪30年代末曾来东蒙地带探秘蒙古族民间文化、音乐及萨满教的丹麦探险学者亨宁·哈士纶的足迹,走遍从新疆到内蒙古东部蒙古族聚居地区,做国家非物质文化遗产调查,一层层剥开那段鲜为人知的历史:惊心动魄又充满传奇的爱情、宗教文化及部族纷争、以天地人和为宗旨的萨满文化传承等。nn由中国作协创联部、内蒙古大学等单位联合主办的“作家郭雪波深入生活现场座谈会暨《蒙古里亚》研讨会”近日在通辽市召开。专家学者认为,《蒙古里亚》是一部追寻历史与现实、人与自然碰撞的文化小说,展示了草原文化的宽厚、包容、自由和浪漫,具有鲜明的民族文化烙印。作品也表达了对人类与生存环境、生态环境之间关系的深刻思索,对急功近利、杀鸡取卵式的冒进式发展模式进行了有力批判,对北方游牧民族文化和地域文化潜心洞察,体现出一名有责任感和使命感的作家的良知与担当精神。同时,作品关于萨满教世代传袭兴衰演变历史的记述,也是民族历史文化的寻根。

 
 
Posted in ᠰᠤᠶᠤᠯ ᠤᠷᠠᠯᠢᠭ |文化信息 and tagged .