ᠠ᠊· ᠰᠦᠭᠡᠪᠠᠳᠤ ᠠᠪᠤᠷᠭᠤ ᠶᠢᠨ ᠲᠤᠬᠠᠢ ᠰᠤᠨᠤᠰᠬᠠᠯ 蒙古国跤王阿·苏和巴图

 

ᠠ᠊ · ᠰᠦᠭᠡᠪᠠᠳᠤ ᠠᠪᠤᠷᠭᠤ ᠶᠢᠨ ᠲᠤᠬᠠᠢ ᠰᠤᠨᠤᠰᠬᠠᠯ

ᠲᠡᠭᠡᠷ᠎ᠡ ᠵᠠᠭᠤᠨ ᠤ ᠶᠠᠷᠡᠭᠡᠳ ᠤᠨ ᠤ ᠰᠠᠭᠦᠯᠴᠢ ᠪᠠᠷ ᠪᠦᠭᠡ ᠶᠢᠨ ᠬᠤᠷᠤᠬᠠᠢᠳᠠᠨ ᠨᠤᠭᠤᠳ ᠢ ᠰᠠᠭᠤᠳᠠᠯ ᠲᠡᠭᠡᠷ᠎ᠡ ᠨᠢ ᠦᠨᠳᠡᠯᠵᠡᠭᠦᠯᠦᠨ ᠬᠤᠷᠴᠠ ᠪᠠᠷᠢᠯᠳᠤᠭᠠᠨ ᠲᠠᠢ ᠵᠠᠯᠠᠭᠤ ᠪᠦᠭᠡ ᠭᠠᠷᠴᠤ ᠢᠷᠡᠭᠰᠡᠨ ᠨᠢ ᠲᠠᠷᠬᠠᠨ ᠠᠪᠤᠷᠭᠤ ᠠ᠊ · ᠰᠦᠭᠡᠪᠠᠳᠤ ᠪᠠᠢᠪᠠ᠃

ᠲᠡᠭᠦᠨ ᠢ ᠮᠤᠩᠭᠤᠯ ᠪᠦᠭᠡ ᠶᠢᠨ ᠵᠦᠯᠭᠡ ᠨᠤᠭᠤᠭᠠᠨ ᠲᠡᠪᠵᠢᠶᠠᠨ ᠲᠡᠭᠡᠷ᠎ᠡ ᠢᠷᠡᠭᠰᠡᠨ ᠡᠴᠠ ᠬᠤᠢᠰᠢ ᠦᠵᠡᠭᠴᠢᠳ ᠦᠨ ᠰᠠᠭᠤᠳᠠᠯ ᠪᠢᠳᠠᠭᠦᠷᠡᠵᠤ᠂ ᠴᠤᠬᠤᠮ ᠯᠠ ᠮᠤᠩᠭᠤᠯ ᠪᠦᠭᠡ ᠶᠢᠨ ᠦᠷᠭᠦᠭᠡ ᠶᠢ ᠨᠤᠷᠠᠭᠠᠬᠤ ᠰᠢᠬᠠᠮ ᠬᠠᠰᠬᠢᠷᠴᠤ᠂ ᠠᠯᠠᠭ᠎ᠠ ᠬᠤᠷᠤᠰᠳᠠᠯ᠎ᠡ ᠲᠠᠰᠢᠳᠠᠭ ᠪᠠᠢᠭᠰᠠᠨ ᠴᠠᠭ ᠰᠠᠶᠢᠬᠠᠨ᠃

ᠤᠷᠠᠨ ᠮᠡᠭᠡ᠂ ᠬᠤᠷᠳᠤ᠂ ᠭᠦᠴᠤ ᠲᠠᠢ ᠵᠠᠯᠠᠭᠤ ᠪᠦᠭᠡ ᠠ᠊ · ᠰᠦᠭᠡᠪᠠᠳᠤ ᠭᠡᠳᠤᠭᠡᠨ ᠵᠢᠯ ᠪᠠᠷᠢᠯᠳᠤᠭᠠᠳ ᠯᠠ ᠲᠠᠶᠠᠩ ᠠᠪᠤᠷᠭᠤ ᠴᠤᠯᠠ ᠭᠦᠷᠳᠡᠭᠰᠡᠨ ᠨᠢ ᠭᠠᠢᠬᠠᠮᠰᠢᠭᠳᠠᠢ᠃

ᠢᠳᠠ ᠪᠠᠷᠢᠯᠳᠤᠬᠤ ᠨᠠᠰᠤᠨ ᠲᠡᠭᠡᠷ᠎ᠡ ᠪᠡᠨ ᠵᠤᠳᠤᠭ ᠲᠠᠢᠯᠵᠤ ᠵᠦᠯᠭᠡ ᠨᠤᠭᠤᠭᠠᠨ ᠲᠠᠪᠵᠢᠶ᠎ᠠ ᠪᠠᠨ ᠤᠷᠬᠢᠭᠰᠠᠨ ᠲᠡᠷᠡ ᠪᠡᠷ ᠨᠡᠷᠡᠳᠡᠢ ᠠᠵᠤ ᠠᠬᠤᠢᠯᠠᠯᠳᠠᠨ ᠶᠤᠮ᠃

ᠤᠳᠤ ᠨ · ᠭᠠᠷᠮᠠᠬᠠᠨᠳᠠ ᠭᠡᠭᠦ ᠦᠪᠠᠷ ᠡᠴᠠ ᠪᠠᠨ 21 ᠨᠡᠰᠤ ᠲᠡᠭᠦᠦ ᠪᠦᠰᠡᠭᠦᠢ ᠲᠡᠢ ᠬᠠᠮᠳᠤ ᠠᠮᠢᠳᠤᠷᠠᠵᠤ ᠬᠤᠶᠠᠷ ᠭᠡᠤᠭᠡᠳ ᠤᠨ ᠠᠪᠤ ᠪᠤᠯᠤᠭᠠᠳ ᠪᠠᠢᠭ᠎ᠠ ᠶᠤᠮ᠃ ᠠᠪᠤᠷᠭᠤ ᠮᠠᠨᠢ ᠬᠤᠶᠠᠷ ᠡᠭᠡᠨᠡᠷ ᠦᠨ ᠨᠢᠭᠤᠷ ᠦᠵᠡᠵᠤ ᠲᠠᠪᠤᠨ ᠭᠡᠤᠭᠡᠳ ᠲᠠᠢ ᠪᠢᠯᠡ᠃

ᠲᠡᠭᠦᠨ ᠦ ᠭᠡᠤᠭᠡᠳ ᠤᠳ ᠮᠦᠨ ᠯᠡ ᠠᠪᠤ ᠶᠢ ᠪᠠᠨ ᠲᠠᠭᠤᠷᠢᠶᠠᠵᠤ ᠪᠦᠭᠡ ᠳ᠋ᠤ ᠶᠠᠭᠡ ᠠᠪᠢᠶᠠᠰ ᠲᠠᠢ᠂ ᠬᠠᠷᠢᠨ ᠰᠤᠪᠤᠳ ᠰᠢᠬ ᠭᠠᠭᠴᠠ ᠦᠬᠢᠨ ᠨᠢ ᠪᠠᠶ᠎ᠡ ᠭᠠᠯᠪᠢᠷ ᠰᠠᠢᠳᠠᠢ᠂ ᠵᠢᠰᠤ ᠴᠢᠷᠡᠢ ᠲᠡᠢ ᠲᠦᠷᠦᠵᠡᠢ᠃ ( ᠮᠤᠩᠭᠤᠯ ᠤᠨ ᠰᠦᠯᠵᠢᠶ᠎ᠡ)

 
 
Posted in ᠵᠤᠴᠢᠨ ᠬᠤᠢ᠌ᠮᠤᠷ| 每日嘉宾 and tagged , .